摘要 |
ᠦᠭᠦᠯᠡᠯ ᠳᠤ ᠬᠠᠷᠢ ᠪᠠ ᠤᠷᠤᠨ ᠶᠢᠨᠷ ᠤᠳᠤᠷᠯᠠᠨ ᠶᠠᠪᠤᠭ᠎ᠠ ᠮᠣᠩᠭ᠋ᠣᠯᠴᠤᠳ ᠢ ᠰᠤᠶᠤᠯ ᠤᠨ 《ᠤᠳᠤᠷᠴᠢᠳ》ᠬᠡᠵᠦ ᠵᠢᠱᠢᠭᠡᠳ ᠳᠡᠳᠡᠨ ᠦ ᠬᠠᠷᠢ ᠶᠢᠨ ᠲᠤᠷᠰᠢᠯᠭ᠎ᠠ ᠪᠡᠨ ᠪᠢᠴᠢᠭᠰᠡᠨ ᠪᠤᠶᠤ ᠬᠠᠷᠢ ᠶᠢᠨ ᠲᠤᠷᠰᠢᠯᠭ᠎ᠠ ᠪᠠᠷ ᠶᠢᠨᠨ ᠬᠠᠷᠢᠴᠠᠭᠤᠯᠤᠭᠴᠢ ᠪᠤᠯᠭᠠᠵᠤ ᠪᠢᠴᠢᠭᠰᠡᠨ ᠵᠤᠬᠢᠶᠠᠯ ᠢ ᠤᠳᠤᠷᠴᠢᠳ ᠤᠨ ᠤᠳᠬ᠎ᠠ ᠵᠤᠬᠢᠶᠠᠯ ᠭᠡᠵᠦ ᠨᠡᠷᠡᠢ᠌ᠳᠪᠡ᠃ ᠡᠢ᠌ᠮᠦᠷᠬᠦᠦ 《ᠤᠳᠤᠷᠴᠢᠳ ᠤᠨ ᠤᠳᠬ᠎ᠠ ᠵᠤᠬᠢᠶᠠᠯ》ᠢ᠋ ᠳᠠᠶᠠᠭᠠᠷᠴᠢᠯᠠᠬᠤ ᠤᠷᠤᠰᠬᠠᠯ ᠤᠨ ᠶᠡᠬᠡ ᠤᠷᠴᠢᠨ ᠳᠤ ᠳᠠᠯᠪᠢᠵᠦ ᠂ ᠡᠳᠡᠭᠡᠷ ᠵᠤᠬᠢᠶᠠᠯ ᠳᠤ ᠢᠯᠡᠷᠡᠭᠰᠡᠨ ᠦᠨᠳᠦᠰᠦᠳᠡᠨ ᠦ ᠲᠤᠬᠠᠢ ᠳᠠᠨᠢᠯᠳᠠ ᠪᠠ ᠴᠠᠬᠡᠵᠢᠯᠡᠯ᠂ ᠬᠠᠷᠢ ᠬᠡᠯᠡ ᠪᠠᠷ ᠵᠤᠬᠢᠶᠠᠬᠤ ᠦᠵᠡᠭᠳᠡᠯ᠂ ᠰᠢᠨ᠎ᠡ ᠰᠠᠨᠠᠭ᠎ᠠ ᠲᠦᠷᠢᠰ ᠵᠡᠷᠭᠡ ᠶᠢ ᠬᠠᠢ᠌ᠨ ᠰᠢᠨᠵᠢᠭᠰᠡᠨ ᠪᠠ 《ᠤᠳᠤᠷᠴᠢᠳ ᠤᠨ ᠤᠳᠬ᠎ᠠ ᠵᠤᠬᠢᠶᠠᠯ》ᠨᠢ ᠦᠨᠳᠦᠰᠦᠳᠡᠨ ᠦ ᠤᠳᠬ᠎ᠠ ᠵᠤᠬᠢᠶᠠᠯ ᠰᠤᠳᠤᠯᠤᠭᠴᠢᠳ ᠲᠤ ᠰᠢᠨ᠎ᠡ ᠠᠰᠠᠭᠤᠯᠳᠠ ᠲᠤᠷᠠᠳᠤᠭᠰᠠᠨ ᠬᠡᠵᠦ ᠦᠵᠡᠪᠡ᠃ |