题名 |
ᠠᠯᠤᠰ ᠰᠡᠷᠡᠯ ᠦᠨ ᠮᠡᠷᠭᠡᠵᠢᠯ ᠢᠶᠡᠷ ᠰᠠᠭᠤᠷᠢᠯᠠᠭᠰᠠᠨ ᠮᠣᠩᠭᠤᠯ ᠤᠨ ᠦᠨᠳᠦᠷᠯᠢᠭ ᠦᠨ ᠭᠠᠩ ᠭᠠᠮᠰᠢᠭ ᠤᠨ ᠲᠤᠬᠠᠢ ᠬᠢᠨᠠᠨ ᠪᠠᠢᠴᠠᠭᠠᠯᠲᠠ ᠶᠢᠨ ᠰᠤᠳᠤᠯᠭᠠᠨ ᠤ ᠲᠤᠢᠮᠤ ᠪᠠᠢᠳᠠᠯ |
作者 |
ᠴᠢᠨ ᠹᠦ᠋ ᠶᠢᠩ; ᠨᠠᠶᠠᠨᠲᠠᠢ |
关键词 |
ᠮᠣᠩᠭᠤᠯ ᠦᠨ ᠦᠨᠳᠦᠷᠯᠢᠭ; ᠭᠠᠩ ᠭᠠᠮᠰᠢᠭ; ᠠᠯᠤᠰ ᠰᠡᠷᠡᠯ |
摘要 |
ᠭᠠᠩ ᠭᠠᠮᠰᠢᠭ ᠨᠢ ᠮᠣᠩᠭᠤᠯ ᠤᠨ ᠦᠨᠳᠦᠷᠯᠢᠭ ᠦᠨ ᠬᠠᠮᠤᠭ ᠤᠨ ᠬᠡᠴᠡᠭᠦᠦ ᠪᠠᠢᠭᠠᠯᠢ ᠶᠢᠨ ᠭᠠᠮᠰᠢᠭ ᠤᠨ ᠨᠢᠭᠡ ᠪᠤᠯᠤᠨ᠎ᠠ᠃ ᠠᠯᠤᠰ ᠰᠡᠷᠡᠯ ᠬᠢᠨᠠᠨ ᠪᠠᠢᠴᠠᠭᠠᠯᠲᠠ ᠶᠢᠨ ᠠᠷᠭ᠎ᠠ ᠪᠠᠷᠢᠯ ᠨᠢ ᠪᠠᠢᠴᠠᠭᠠᠬᠤ ᠳᠤ ᠲᠦᠷᠭᠡᠨ᠂ ᠪᠠᠢᠴᠠᠭᠠᠬᠤ ᠬᠦᠷᠢᠶ᠎ᠡ ᠬᠡᠪᠴᠢᠶ᠎ᠡ ᠪᠡᠷ ᠦᠷᠭᠡᠨ᠂ ᠴᠠᠭ ᠲᠤᠬᠠᠢᠲᠤ ᠴᠢᠨᠠᠷ ᠪᠠ ᠪᠤᠳᠠᠲᠠᠢ ᠶᠢ ᠳᠤᠰᠬᠠᠬᠤ ᠬᠡᠮᠵᠢᠶ᠎ᠡ ᠪᠡᠷ ᠦᠨᠳᠦᠷ ᠵᠡᠷᠭᠡ ᠳᠠᠪᠠᠭᠤᠯᠢᠭ ᠲᠠᠯ᠎ᠠ ᠲᠠᠢ ᠪᠤᠯᠬᠤᠷ ᠣᠷᠤᠨ ᠬᠡᠪᠴᠢᠶᠡᠨ ᠦ ᠭᠠᠩ ᠭᠠᠮᠰᠢᠭ ᠢ ᠬᠠᠢᠨ ᠪᠠᠢᠴᠠᠭᠠᠬᠤ ᠪᠠ ᠭᠠᠩ ᠭᠠᠮᠰᠢᠭ ᠤᠨ ᠵᠢᠮ᠎ᠡ ᠬᠠᠤᠯᠢ ᠶᠢ ᠰᠤᠳᠤᠯᠬᠤ ᠳᠤ ᠣᠷᠤᠯᠠᠵᠤ ᠪᠤᠯᠤᠰᠢ ᠦᠭᠡᠢ ᠰᠠᠢᠨ ᠠᠷᠭ᠎ᠠ ᠠᠪᠴᠢᠯ ᠪᠤᠯᠬᠤ ᠶᠤᠮ᠃ ᠮᠣᠩᠭᠤᠯ ᠤᠨ ᠦᠨᠳᠦᠷᠯᠢᠭ ᠦᠷᠭᠡᠨ ᠠᠭᠤᠳᠠᠮ ᠮᠦᠷᠲᠡᠭᠡᠨ ᠲᠡᠭᠰᠢ ᠳᠠᠷᠳᠠᠩ ᠣᠨᠴᠠᠯᠢᠭ ᠲᠠᠢ ᠨᠢ ᠠᠯᠤᠰ ᠰᠡᠷᠡᠯ ᠬᠢᠨᠠᠨ ᠪᠠᠢᠴᠠᠭᠠᠯᠲᠠ ᠶᠢᠨ ᠠᠷᠭ᠎ᠠ ᠪᠠᠷᠢᠯ ᠢ ᠬᠡᠷᠡᠭᠯᠡᠬᠦ ᠳᠦ ᠲᠤᠬᠢᠷᠠᠨ᠎ᠠ᠃ ᠭᠡᠪᠡᠴᠦ ᠮᠣᠩᠭᠤᠯ ᠤᠨ ᠦᠨᠳᠦᠷᠯᠢᠭ ᠦᠨ ᠭᠠᠩ ᠭᠠᠮᠰᠢᠭ ᠤᠨ ᠲᠤᠬᠠᠢ ᠰᠤᠳᠤᠯᠭᠠᠨ ᠤ ᠲᠤᠢᠮᠤ ᠪᠠᠢᠳᠠᠯ ᠢ ᠠᠵᠢᠭᠯᠠᠪᠠᠯ᠂ ᠴᠠᠭ ᠠᠭᠤᠷ ᠤᠨ ᠭᠠᠩ ᠭᠠᠭᠤᠷᠠᠢ ᠶᠢᠨ ᠢᠯᠡᠳᠭᠡᠮᠵᠢ ᠪᠡ ᠲᠡᠦᠬᠡᠨ ᠰᠤᠷᠪᠤᠯᠵᠢ ᠪᠢᠴᠢᠭ ᠢ ᠠᠰᠢᠭᠯᠠᠵᠤ᠂ ᠭᠠᠩ ᠭᠠᠮᠰᠢᠭ ᠢ ᠰᠤᠳᠤᠯᠤᠭᠰᠠᠨ ᠦᠷ᠎ᠡ ᠪᠦᠲᠦᠮᠵᠢ ᠬᠠᠷᠢᠴᠠᠩᠭᠤᠢ ᠠᠷᠪᠢᠨ ᠪᠤᠯᠪᠠᠴᠤ ᠠᠯᠤᠰ ᠰᠡᠷᠡᠯ ᠬᠢᠨᠠᠨ ᠪᠠᠢᠴᠠᠭᠠᠯᠲᠠ ᠶᠢᠨ ᠰᠤᠳᠤᠯᠭᠠᠨ ᠤ ᠠᠵᠢᠯ ᠠᠩᠬᠠᠨ ᠤ ᠬᠦᠭᠵᠢᠯᠲᠡ ᠶᠢᠨ ᠱᠠᠲᠤᠨ ᠳᠠᠭᠠᠨ ᠪᠠᠢᠭᠰᠠᠭᠠᠷ᠃ ᠲᠤᠰ ᠦᠭᠦᠯᠡᠯ ᠳᠡᠭᠡᠷᠡᠬᠢ ᠪᠠᠢᠳᠠᠯ ᠳᠤ ᠴᠢᠭᠯᠡᠭᠦᠯᠵᠦ ᠦᠩᠭᠡᠷᠡᠭᠰᠡᠨ ᠬᠤᠭᠤᠴᠠᠭᠠᠨ ᠳᠠᠬᠢ ᠮᠣᠩᠭᠤᠯ ᠤᠨ ᠦᠨᠳᠦᠷᠯᠢᠭ ᠦᠨ ᠭᠠᠩ ᠭᠠᠮᠰᠢᠭ ᠤᠨ ᠠᠯᠤᠰ ᠰᠡᠷᠡᠯ ᠬᠢᠨᠠᠨ ᠪᠠᠢᠴᠠᠭᠠᠯᠲᠠ ᠶᠢᠨ ᠰᠤᠳᠤᠯᠭᠠᠨ ᠤ ᠲᠤᠢᠮᠤ ᠪᠠᠢᠳᠠᠯ ᠢ ᠵᠠᠳᠠᠯᠤᠨ᠂ ᠮᠣᠩᠭᠤᠯ ᠤᠨ ᠦᠨᠳᠦᠷᠯᠢᠭ ᠦᠨ ᠭᠠᠩ ᠭᠠᠮᠰᠢᠭ ᠤᠨ ᠠᠯᠤᠰ ᠰᠡᠷᠡᠯ ᠬᠢᠨᠠᠨ ᠪᠠᠢᠴᠠᠭᠠᠯᠲᠠ ᠶᠢᠨ ᠲᠤᠬᠠᠢ ᠰᠠᠨᠠᠭᠤᠯᠭ᠎ᠠ ᠳᠤᠷᠠᠳᠴᠠᠢ᠃ |
原文 |
没有原文
|
出自 |
内蒙古师范大学学报(自然科学蒙古文版)
2012年
第3期
|