论文信息


题名 ᠡᠸᠡᠩᠭᠢ ᠶᠢᠨ ᠰᠠᠮᠠᠨ ᠤ ᠡᠮᠦᠰᠭᠡᠯ ᠳᠡᠬᠢ ᠳᠦᠷᠰᠦᠲᠦ ᠤᠷᠠᠯᠢᠭ ᠪᠠ ᠲᠤᠲ᠋ᠧᠮ ᠤᠨ ᠰᠢᠲᠦᠯᠭᠡ
作者 ᠳ᠋ᠤ‍᠂ ᠪᠤᠯᠤᠷᠤ᠎ᠠ
关键词 ᠡᠸᠡᠩᠭᠢ; ᠰᠠᠮᠠᠨ ᠤ ᠡᠮᠦᠰᠭᠡᠯ; ᠳᠦᠷᠰᠦᠲᠦ ᠤᠷᠠᠯᠢᠭ; ᠲᠤᠲ᠋ᠧᠮ ᠦᠨ ᠰᠢᠲᠦᠯᠭᠡ
摘要 ᠳᠦᠷᠰᠦᠲᠦ ᠤᠷᠠᠯᠢᠭ ᠨᠢ ᠨᠢᠭᠡ ᠵᠤᠢ᠌ᠯ ᠤᠨ ᠣᠷᠤᠨ ᠵᠠᠢ ᠶᠢᠨ ᠤᠷᠠᠯᠢᠭ ᠤᠨ ᠬᠡᠯᠪᠡᠷᠢ ᠪᠡᠷ ᠬᠦᠮᠦᠨ ᠲᠦᠷᠦᠯᠬᠢᠲᠡᠨ ᠦ ᠠᠮᠢᠳᠤᠷᠠᠯ ᠤᠨ ᠡᠯ᠎ᠡ ᠲᠠᠯ᠎ᠠ ᠳᠤ ᠪᠤᠳᠠᠲᠠᠢ ᠦᠯᠡᠳᠡᠭᠳᠡᠨ ᠬᠤᠴᠤᠷᠴᠠᠢ᠃ ᠳᠦᠷᠰᠦᠲᠦ ᠤᠷᠠᠯᠢᠭ ᠡᠷᠲᠡ ᠦᠶ᠎ᠡ ᠶᠢᠨ ᠬᠦᠮᠦᠰ ᠦᠨ ᠦᠢᠯᠡᠳᠪᠦᠷᠢᠯᠡᠯ ᠠᠮᠢᠳᠤᠷᠠᠯ᠂ ᠰᠤᠶᠤᠯ ᠰᠡᠳᠬᠢᠴᠡ᠂ ᠤᠶᠤᠨ ᠤᠬᠠᠭᠠᠨ ᠤ ᠤᠯᠠ ᠮᠦᠷ ᠢ ᠭᠦᠢᠴᠡᠳ ᠳᠤᠰᠬᠠᠨ ᠬᠠᠷᠠᠭᠤᠯᠤᠭᠰᠠᠨ ᠪᠤᠳᠠᠲᠤ ᠵᠤᠢ᠌ᠯᠡᠰ ᠪᠤᠯᠤᠭᠰᠠᠨ ᠤ ᠬᠤᠪᠢ ᠳᠤ᠂ ᠲᠡᠭᠦᠨ ᠦ ᠰᠤᠶᠤᠯ ᠤᠨ ᠡᠯᠧᠮᠧᠨ᠋ᠲ ᠮᠠᠰᠢ ᠡᠯᠪᠡᠭ᠌ ᠪᠠᠶᠠᠯᠢᠭ ᠪᠠᠢ᠌ᠬᠤ ᠶᠤᠰᠤᠲᠠᠢ᠃ ᠲᠤᠲ᠋ᠧᠮ ᠪᠡ ᠲᠤᠲ᠋ᠧᠮ ᠤᠨ ᠲᠤᠬᠠᠢ ᠦᠵᠡᠯ ᠤᠬᠠᠮᠰᠠᠷ ᠪᠤᠯ ᠤᠤᠭᠠᠯ ᠢᠷᠭᠡᠳ ᠦᠨ ᠦᠵᠡᠯ ᠤᠬᠠᠮᠰᠠᠷ ᠲᠤ ᠭᠦᠨ ᠦᠨᠳᠦᠰᠦᠯᠡᠭᠰᠡᠨ ᠵᠤᠢ᠌ᠯᠡᠰ ᠪᠤᠯᠬᠤ ᠶᠤᠮ᠃ ᠡᠸᠡᠩᠭᠢ ᠶᠢᠨ ᠰᠠᠮᠠᠨ ᠤ ᠡᠮᠦᠰᠭᠡᠯ ᠳᠦ ᠢᠯᠡᠷᠡᠭᠰᠡᠨ ᠳᠦᠷᠰᠦᠲᠦ ᠤᠷᠠᠯᠢᠭ ᠤᠨ ᠵᠤᠢ᠌ᠯᠡᠰ ᠨᠢ ᠲᠡᠳᠡᠨᠦᠰ ᠦᠨ ᠡᠷᠲᠡ ᠦᠶ᠎ᠡ ᠶᠢᠨ ᠲᠤᠲ᠋ᠧᠮ ᠦᠨ ᠤᠷᠠᠯᠢᠭ ᠲᠠᠢ ᠨᠢᠭᠲᠠ ᠬᠠᠷᠢᠴᠠᠭ᠎ᠠ ᠲᠠᠢ᠃ ᠲᠤᠰ ᠦᠭᠦᠯᠡᠯ ᠳᠦ ᠡᠸᠡᠩᠭᠢ ᠰᠠᠮᠠᠨ ᠤ ᠡᠮᠦᠰᠭᠡᠯ ᠳᠦ ᠢᠯᠡᠷᠡᠭᠰᠡᠨ ᠲᠤᠲ᠋ᠧᠮ ᠦᠨ ᠤᠷᠠᠯᠢᠭ ᠢ ᠪᠤᠭᠤ ᠲᠤᠲ᠋ᠧᠮ ᠤᠨ ᠤᠷᠠᠯᠢᠭ᠂ ᠮᠤᠭᠠᠢ ᠲᠤᠲ᠋ᠧᠮ ᠤᠨ ᠤᠷᠠᠯᠢᠭ᠂ ᠰᠢᠪᠠᠭᠤᠨ ᠲᠤᠲ᠋ᠧᠮ ᠤᠨ ᠤᠷᠠᠯᠢᠭ᠂ ᠪᠠᠭᠠᠪᠠᠭᠠᠢ ᠲᠤᠲ᠋ᠧᠮ ᠤᠨ ᠤᠷᠠᠯᠢᠭ ᠭᠡᠦ ᠬᠡᠳᠦᠨ ᠲᠠᠯ ᠠ ᠳᠤ ᠬᠤᠷᠢᠶᠠᠩ᠋ᠭᠤᠢ᠌ᠯᠠᠨ ᠦᠭᠦᠯᠡᠨ᠎ᠡ᠃
原文 查看原文
出自 中国蒙古学 2013年 第1期

联系我们


内蒙古大学图书馆
呼和浩特市大学西路235号
中国·内蒙古
P: (0471) 4992561
E: huangfeilong@imu.edu.cn