摘要 |
ᠬᠠᠨ ᠪᠤᠯ ᠮᠣᠩᠭᠤᠯᠴᠤᠳ ᠤᠨ ᠬᠠᠮᠤᠭ ᠤᠨ ᠠᠩ᠋ᠬᠠᠨ ᠤ ᠲᠦᠷᠦ ᠵᠠᠰᠠᠭ ᠤᠨ ᠨᠤᠶᠠᠯᠠᠭᠴᠢ ᠶᠢᠨ ᠵᠡᠷᠭᠡ ᠴᠤᠯᠠ ᠪᠠᠢ᠌ᠭᠰᠠᠨ ᠪᠦᠭᠡᠳ ᠲᠡᠷᠡ ᠨᠢ ᠭᠤᠤᠯᠳᠠᠭᠤ ᠹᠧᠤᠳᠠᠯ ᠤᠨ ᠨᠢᠭᠡᠲᠦᠭ᠍᠍ᠰᠡᠨ ᠦᠨᠳᠦᠰᠦᠲᠡᠨ ᠦ ᠤᠯᠤᠰ ᠲᠦᠷᠦ ᠪᠠᠢ᠌ᠭᠤᠭᠳᠠᠬᠤ ᠠᠴᠠ ᠡᠮᠦᠨᠡᠬᠢ ᠦᠶ᠎ᠡ ᠶᠢᠨ ᠲᠦᠷᠦ ᠶᠢᠨ ᠡᠷᠬᠡ ᠶᠢᠨ ᠪᠡᠯᠭᠡᠳᠡᠯ ᠪᠤᠯᠵᠤ ᠪᠠᠢ᠋ᠭᠰᠠᠨ ᠶᠤᠮ᠃ ᠬᠤᠮᠵᠢᠮ ᠨᠢ ᠮᠣᠩ᠋ᠭᠤᠯ ᠤᠨ ᠨᠡᠢ᠌ᠭᠡᠮ ᠴᠢᠰᠦᠨ ᠲᠦᠷᠦᠯ ᠦᠨ ᠬᠠᠷᠢᠴᠠᠭᠠᠨ ᠤ ᠤᠯᠤᠰ ᠠᠴᠠ ᠭᠠᠵᠠᠷ ᠨᠤᠲᠤᠭ ᠤᠨ ᠬᠠᠷᠢᠴᠠᠭᠠᠨ ᠤ ᠤᠯᠤᠰ ᠲᠡᠢ᠌ᠰᠢ ᠬᠦᠭ᠍ᠵᠢᠨ ᠤᠯᠠᠷᠢᠬᠤ ᠠᠬᠢᠴᠠ ᠳᠤ ᠬᠠᠭᠠᠨ ᠭᠡᠬᠦ ᠲᠦᠷᠦ ᠶᠢᠨ ᠡᠷᠬᠡ ᠶᠢᠨ ᠨᠡᠩ ᠳᠡᠭᠡᠳᠦ ᠳᠡᠰ ᠦᠨ ᠤᠯᠤᠰ ᠲᠦᠷᠦ ᠶᠢᠨ ᠤᠬᠠᠮᠰᠠᠷ ᠵᠦᠭ ᠰᠢᠯᠵᠢᠭᠰᠡᠨ ᠪᠠᠢ᠌ᠨ᠎ᠠ᠃ ᠦᠭᠦᠯᠡᠯ ᠳᠦ ᠮᠣᠩ᠋ᠭᠤᠯᠴᠤᠳ ᠤᠨ ᠡᠷᠲᠡ ᠦᠶ᠎ᠡ ᠶᠢᠨ ᠤᠯᠤᠰ ᠲᠦᠷᠦ ᠶᠢᠨ ᠤᠬᠠᠮᠰᠠᠷ ᠢ ᠰᠤᠶᠤᠯ ᠤᠨ ᠵᠠᠩ᠋ᠭᠢᠯᠠᠭ᠎ᠠ ᠦᠭᠡ 《ᠬᠠᠨ》᠋ ᠠᠴᠠ 《ᠬᠠᠭᠠᠨ》᠋ ᠳᠤ ᠤᠯᠠᠷᠢᠭᠰᠠᠨ ᠲᠡᠦᠬᠡᠨ ᠶᠠᠪᠤᠴᠠ ᠪᠠᠷ ᠳᠠᠮᠵᠢᠭᠤᠯᠤᠨ ᠰᠢᠨᠵᠢᠯᠡᠨ ᠦᠭᠦᠯᠡᠵᠡᠢ᠃ |