论文信息


题名 《ᠬᠤᠯᠪᠤᠭ᠎ᠠ ᠰᠦᠯᠵᠢᠶ᠎ᠡ》᠋ ᠶᠢᠨ ᠣᠨᠴᠠᠯᠢᠭ ᠬᠢᠭᠡᠳ ᠲᠡᠭᠦᠨ ᠦ ᠬᠦᠭ᠍ᠵᠢᠯᠲᠡ ᠶᠢᠨ ᠬᠠᠨᠳᠤᠰᠢ ᠶᠢ ᠰᠢᠨᠵᠢᠯᠡᠬᠦ ᠨᠢ
作者 ᠡᠦ ᠮᠢᠩ ᠶᠠᠨ
关键词 ᠬᠤᠯᠪᠤᠭ᠎ᠠ ᠰᠦᠯᠵᠢᠶ᠎ᠡ; ᠪᠦᠷᠬᠡ ᠶᠢᠨ ᠣᠨᠴᠠᠯᠢᠭ; ᠬᠦᠭ᠍ᠵᠢᠯᠲᠡ ᠶᠢᠨ ᠬᠠᠨᠳᠤᠰᠢ
摘要 ᠪᠦᠷᠬᠡ ᠨᠢ ᠨᠢᠭᠡ ᠵᠤᠢ᠌ᠯ ᠤᠨ ᠰᠢᠨ᠎ᠡ ᠬᠡᠯᠪᠡᠷᠢ ᠶᠢᠨ ᠬᠠᠷᠢᠯᠴᠠᠭᠠᠨ ᠤ ᠪᠠᠭᠠᠵᠢ ᠪᠤᠯᠤᠭᠰᠠᠨ ᠤ ᠬᠤᠪᠢ ᠳᠤ ᠡᠳᠦᠷ ᠢᠷᠡᠬᠦᠶ᠎ᠡ ᠬᠦᠮᠦᠰ ᠦᠨ ᠠᠵᠢᠯ ᠠᠮᠢᠳᠤᠷᠠᠯ ᠢ ᠨᠦᠯᠦᠭᠡᠯᠡᠵᠦ ᠪᠤᠢ᠃ ᠰᠢᠨ᠎ᠡ ᠠᠷᠭ᠎ᠠ ᠲᠤᠷᠰᠢᠯᠭ᠎ᠠ᠂ ᠰᠢᠨ᠎ᠡ ᠰᠤᠷᠠᠭ ᠵᠠᠩᠭᠢ᠂ ᠰᠢᠨ᠎ᠡ ᠣᠨᠣᠯ ᠦᠵᠡᠯ᠂ ᠰᠢᠨ᠎ᠡ ᠰᠢᠨᠵᠢᠯᠡᠭᠡ ᠮᠡᠷᠭᠡᠵᠢᠯ ᠦᠨ ᠴᠢᠯᠦᠭᠡᠲᠦ ᠰᠤᠯᠢᠯᠴᠠᠭᠠᠨ ᠤ ᠲᠠᠪᠴᠠᠩ ᠪᠦᠷᠬᠡ ᠨᠢ ᠪᠤᠢ ᠪᠤᠯᠤᠭᠰᠠᠨ ᠠᠴᠠ ᠨᠠᠭᠠᠰᠢ ᠣᠯᠠᠨ ᠲᠦᠮᠡᠨ ᠦ ᠬᠦᠷᠢᠶᠡᠯᠡᠯ ᠢ ᠣᠯᠣᠭᠰᠠᠭᠠᠷ ᠢᠷᠡᠵᠡᠢ᠃ ᠨᠡᠢ᠌ᠭᠡᠮ ᠦᠨ ᠬᠡᠷᠡᠭᠴᠡᠭᠡᠨ ᠦ ᠦᠷᠭᠡᠵᠢᠯᠲᠡ ᠶᠢ ᠳᠠᠭᠠᠯᠳᠤᠨ ᠪᠦᠷᠬᠡ ᠶᠢᠨ ᠰᠦᠯᠵᠢᠶ᠎ᠡ ᠴᠦ ᠤᠯᠠᠮ ᠢᠶᠠᠷ ᠣᠯᠠᠰᠢᠷᠠᠵᠠᠢ᠃ 《ᠬᠤᠯᠪᠤᠭ᠎ᠠ ᠰᠦᠯᠵᠢᠶ᠎ᠡ》ᠪᠤᠯ ᠳᠠᠷᠤᠢ ᠡᠢ᠌ᠮᠦᠷᠭᠦᠦ ᠨᠦᠬᠦᠴᠡᠯ ᠳᠤᠤᠷ᠎ᠠ ᠪᠤᠢ ᠪᠤᠯᠤᠭᠰᠠᠨ ᠮᠣᠩ᠋ᠭᠤᠯ ᠪᠦᠷᠬᠡ ᠶᠢᠨ ᠰᠦᠯᠵᠢᠶ᠎ᠡ ᠪᠤᠯᠤᠨ᠎ᠠ᠃ ᠲᠡᠷᠡ ᠨᠢ ᠨᠡᠢ᠌ᠭᠡᠮ ᠨᠡᠢ᠌ᠲᠡ ᠶᠢᠨ ᠳᠠᠪᠰᠢᠯᠲᠠ ᠲᠠᠢ ᠵᠤᠢ᠌ᠯ ᠢ ᠢᠯᠡᠷᠡᠭᠦᠯᠦᠨ ᠠᠰᠢᠭᠯᠠᠬᠤ ᠶᠢ ᠴᠢᠬᠤᠯᠠᠴᠢᠯᠠᠬᠤ᠂ ᠦᠨᠳᠦᠰᠦᠲᠡᠨ ᠦ ᠰᠤᠶᠤᠯ ᠤᠷᠠᠯᠢᠭ ᠢᠶᠠᠨ ᠤᠯᠠᠮᠵᠢᠯᠠᠨ ᠳᠡᠯᠭᠡᠷᠡᠭᠦᠯᠬᠦ ᠲᠠᠯ᠎ᠠ ᠪᠠᠷ ᠪᠦᠷ ᠦᠪᠡᠷ ᠦᠨ ᠢᠶᠡᠨ ᠦᠢᠯᠡᠳᠦᠯ ᠴᠢᠳᠠᠪᠬᠢ ᠶᠢ ᠪᠠᠨ ᠪᠠᠳᠠᠷᠠᠭᠤᠯᠵᠤ ᠪᠠᠢ᠌ᠳᠠᠭ᠃ ᠡᠢ᠌ᠮᠦ ᠡᠴᠡ ᠲᠡᠭᠦᠨ ᠦ ᠣᠨᠴᠠᠯᠢᠭ ᠪᠠ ᠬᠦᠭ᠍ᠵᠢᠯᠲᠡ ᠶᠢᠨ ᠬᠠᠨᠳᠤᠰᠢ ᠳᠤ ᠰᠢᠨᠵᠢᠯᠡᠯ ᠬᠢᠬᠦ ᠨᠢ ᠨᠡᠩ ᠣᠯᠠᠨ ᠬᠦᠮᠦᠰ 《ᠬᠤᠯᠪᠤᠭ᠎ᠠ ᠰᠦᠯᠵᠢᠶ᠎ᠡ》ᠲᠡᠢ ᠲᠠᠨᠢᠯᠴᠠᠨ᠂ ᠲᠡᠭᠦᠨ ᠦ ᠪᠤᠢ ᠪᠤᠯᠤᠭᠰᠠᠨ ᠴᠤᠪᠤᠷᠠᠯ ᠶᠠᠪᠤᠴᠠ ᠬᠢᠭᠡᠳ ᠬᠦᠭ᠍ᠵᠢᠯᠲᠡ ᠶᠢᠨ ᠤᠯᠠ ᠮᠦᠷ ᠦᠨ ᠲᠤᠬᠠᠢ ᠲᠡᠦᠬᠡ ᠮᠠᠲ᠋ᠧᠷᠢᠶᠠᠯ ᠦᠯᠡᠳᠡᠭᠡᠵᠦ᠂ ᠲᠡᠭᠦᠨ ᠦ ᠡᠷᠡᠭᠦᠯ ᠢᠶᠡᠷ ᠬᠦᠭ᠍ᠵᠢᠬᠦ ᠶᠢ ᠠᠭᠢᠭᠤᠯᠬᠤ ᠳᠤ ᠵᠤᠬᠢᠬᠤ ᠦᠢᠯᠡᠳᠦᠯ ᠲᠡᠢ ᠶᠤᠮ᠃
原文 查看原文
出自 中国蒙古学 2012年 第6期

联系我们


内蒙古大学图书馆
呼和浩特市大学西路235号
中国·内蒙古
P: (0471) 4992561
E: huangfeilong@imu.edu.cn