摘要 |
ᠮᠣᠩᠭ᠋ᠤᠯ ᠤᠭᠰᠠᠭᠠᠳᠠᠨ ᠤ ᠤᠯᠠᠮᠵᠢᠯᠠᠯᠲᠤ ᠵᠠᠩ ᠦᠢᠯᠡ ᠳᠤ ᠠᠢᠢᠯ ᠡᠷᠦᠬᠡ ᠭᠡᠳᠡᠭ ᠨᠢ ᠡᠷ ᠡ ᠡᠮ ᠡ ᠶᠢᠨ ᠪᠣᠯᠤᠨ ᠤᠷᠤᠭ ᠰᠠᠳᠤᠨ ᠤ ᠬᠣᠯᠪᠤᠭᠠᠨ ᠳᠤ ᠰᠠᠭᠤᠷᠢᠯᠠᠭᠰᠠᠨ ᠨᠡᠢᠢᠭᠡᠮ ᠤᠨ ᠬᠠᠮᠤᠭ ᠪᠠᠭ᠎ᠠ ᠨᠢᠭᠡᠴᠢ ᠶᠢᠨ ᠨᠢᠭᠡ ᠨᠢ ᠪᠣᠯᠬᠤ ᠶᠣᠮ᠃ ᠡᠷᠦᠭᠡ ᠬᠡᠮᠡᠬᠦ ᠦᠭᠡ ᠵᠢ ᠲᠣᠯᠢ ᠪᠢᠴᠢᠭ᠌ ᠤᠨ ᠲᠠᠢᠢᠯᠪᠤᠷᠢ᠂ ᠰᠣᠷᠪᠤᠯᠵᠢ ᠪᠢᠴᠢᠭ᠌ ᠤᠨ ᠲᠡᠮᠳᠡᠭᠡᠯᠡᠯ ᠪᠣᠯᠤᠨ ᠣᠳᠤᠬᠠᠨ ᠳᠤ ᠣᠯᠳᠠᠭᠰᠠᠨ ᠰᠣᠳᠤᠯᠭᠠᠨ ᠤ ᠦᠵᠡᠯᠲᠡ ᠵᠡᠷᠭᠡ ᠲᠠᠯ ᠠ ᠪᠡᠷ ᠦᠵᠡᠬᠦ ᠳᠤ ᠲᠡᠷᠡ ᠨᠢ ᠡᠷᠲᠡᠨ ᠳᠡᠭᠡᠨ ᠰᠠᠭᠤᠴᠠ᠂ ᠨᠦᠬᠡ ᠬᠡᠮᠡᠬᠦ ᠤᠳᠬ ᠠ ᠲᠠᠢ ᠪᠠᠢᠢᠵᠤ᠂ ᠰᠡᠭᠦᠯᠡᠷ ᠨᠢ ᠪᠦᠲᠡᠭᠡᠯᠭᠡ᠂ᠡᠷᠦᠬᠡ ᠭᠡᠷ ᠬᠡᠮᠡᠬᠦ ᠤᠳᠬ ᠠ ᠲᠠᠢ ᠪᠣᠯᠤᠭᠰᠠᠨ ᠪᠣᠯᠪᠠᠴᠤ ᠨᠦᠭᠡ ᠪᠣᠶᠣ ᠣᠩᠭ᠋ᠤᠷᠬᠠᠢ ᠭᠡᠳᠡᠭ ᠤᠳᠭ ᠠ ᠪᠠᠨ ᠣᠳᠣ ᠴᠤ ᠬᠠᠳᠠᠭᠠᠯᠠᠭᠰᠠᠭᠠᠷ ᠪᠠᠢᠢᠨ᠎ᠠ᠃ |