摘要 |
ᠤᠯᠤᠰ ᠤᠨ ᠳᠤᠲᠤᠭᠠᠳᠤ ᠭᠠᠳᠠᠭᠠᠳᠤ ᠶᠢᠨ ᠨᠡᠯᠢᠶᠡᠳ ᠣᠯᠠᠨ ᠮᠣᠩ᠋ᠭᠤᠯᠴᠢ ᠡᠷᠳᠡᠮᠲᠡᠳ ᠡᠷᠲᠡᠨ ᠦ ᠮᠣᠩ᠋ᠭᠤᠯᠴᠤᠳ ᠤᠨ ᠵᠢᠯ ᠦᠨ ᠡᠬᠢ ᠴᠠᠭᠠᠨ ᠰᠠᠷ᠎ᠠ ᠨᠢ ᠨᠠᠮᠤᠷ ᠴᠠᠭ ᠲᠤ ᠪᠠᠢ᠌ᠯ᠎ᠠ ᠬᠡᠮᠡᠨ ᠦᠵᠡᠭᠰᠡᠭᠡᠷ ᠢᠷᠡᠭᠰᠡᠨ ᠪᠢᠯᠡ᠃ ᠲᠤᠰ ᠦᠭᠦᠯᠡᠯ ᠳᠦ ᠂ ᠵᠤᠬᠢᠶᠠᠭᠴᠢ ᠠᠴᠠ ᠡᠭᠦᠨ ᠢ ᠡᠰᠡ ᠵᠦᠪᠰᠢᠶᠡᠷᠡᠨ ᠮᠣᠩ᠋ᠭᠤᠯᠴᠤᠳ ᠤᠨ ᠵᠠᠩ ᠦᠢᠯᠡ ᠶᠢᠨ ᠤᠯᠠᠮᠵᠢᠯᠠᠯ ᠳᠠᠬᠢ ᠦᠯᠡᠳᠡᠭᠳᠡᠯ ᠪᠡ ᠬᠠᠭᠤᠴᠢᠨ ᠤ ᠲᠡᠦᠬᠡ᠂ ᠲᠡᠮᠳᠡᠭᠯᠡᠯ ᠦᠳ ᠢ ᠰᠢᠭᠦᠨ ᠲᠤᠩ᠋ᠭᠠᠵᠤ ᠦᠵᠡᠭᠰᠡᠨ ᠰᠠᠭᠤᠷᠢ ᠳᠡᠭᠡᠷ᠎ᠡ ᠡᠷᠲᠡᠨ ᠦ ᠮᠣᠩ᠋ᠭᠤᠯᠴᠤᠳ ᠤᠨ ᠵᠢᠯ ᠦᠨ ᠡᠬᠢ ᠴᠠᠭᠠᠨ ᠰᠠᠷ᠎ᠠ ᠨᠢ ᠨᠠᠮᠤᠷ ᠴᠠᠭ ᠲᠤ ᠪᠠᠢ᠌ᠭᠰᠠᠨ ᠦᠭᠡᠢ ᠭᠡᠰᠡᠨ ᠦᠵᠡᠯᠲᠡ ᠶᠢ ᠳᠤᠷᠠᠳᠴᠤ᠂ ᠡᠨᠡᠬᠦ ᠦᠵᠡᠯᠲᠡ ᠪᠡᠨ ᠨᠡᠯᠢᠶᠡᠳ ᠣᠯᠠᠨ ᠲᠠᠯ᠎ᠠ ᠪᠠᠷ ᠣᠴᠢᠵᠤ ᠨᠤᠲᠠᠯᠠᠭᠰᠠᠨ ᠪᠠᠢ᠌ᠨ᠎ᠠ᠃ ᠲᠡᠭᠡᠭᠡᠳ 《ᠴᠠᠭᠠᠨ ᠰᠠᠷ᠎ᠠ》᠋ ᠶᠢᠨ 《ᠴᠠᠭᠠᠨ》ᠨᠢ ᠰᠦ᠋ ᠴᠠᠭ᠎ᠠ ᠲᠠᠢ ᠬᠤᠯᠪᠤᠭ᠎ᠠ ᠦᠭᠡᠢ᠂ ᠬᠠᠷᠢᠨ ᠬᠠᠪᠤᠷ ᠢᠷᠡᠵᠦ ᠨᠠᠮᠤᠷ ᠪᠤᠴᠠᠳᠠᠭ ᠬᠤᠨ ᠲᠤᠲ᠋ᠧᠮ ᠦᠨ ᠴᠠᠭᠠᠨ ᠦᠩᠭᠡ ᠶᠢᠨ ᠪᠡᠯᠭᠡᠳᠡᠯ ᠡᠴᠡ ᠢᠷᠡᠯ᠎ᠡ ᠭᠡᠵᠦ ᠦᠵᠡᠭᠰᠡᠨ ᠪᠠᠢ᠌ᠨ᠎ᠠ᠃ |