论文信息


题名 ᠮᠣᠩᠭᠤᠯ 《ᠦᠭᠡᠷᠡᠴᠢᠯᠡᠯᠲᠡ ᠶᠢᠨ ᠤᠷᠠᠨ ᠵᠤᠬᠢᠶᠠᠯ》 ᠳᠠᠬᠢ ᠬᠦᠮᠦᠨ ᠦ ᠣᠳᠣᠬᠢᠴᠢ ᠰᠢᠨᠵᠢ ᠶᠢᠨ ᠲᠦᠰᠦᠭᠡᠯᠡᠯ
作者 ᠰᠠᠷᠠᠩᠭᠤᠤ᠎ᠠ
关键词 ᠦᠭᠡᠷᠡᠴᠢᠯᠡᠯᠲᠡ ᠶᠢᠨ ᠤᠷᠠᠨ ᠵᠤᠬᠢᠶᠠᠯ; ᠬᠦᠮᠦᠨ; ᠣᠳᠣᠬᠢᠴᠢ ᠰᠢᠨᠵᠢ
摘要 ᠬᠦᠮᠦᠨ ᠪᠤᠯ ᠨᠡᠢᠭᠡᠮ ᠦᠨ ᠦᠢᠯᠡᠳᠦᠯᠭᠡ ᠶᠢᠨ ᠭᠤᠤᠯ ᠴᠤᠭᠴᠠ ᠮᠦᠨ᠃ ᠤᠷᠠᠨ ᠵᠤᠬᠢᠶᠠᠯ ᠤᠷᠠᠯᠢᠭ ᠨᠢ ᠬᠦᠮᠦᠨ ᠲᠦᠷᠦᠯᠬᠢᠲᠡᠨ ᠦ ᠤᠶᠤᠨ ᠤ ᠦᠢᠯᠡᠳᠦᠯᠭᠡ ᠶᠢᠨ ᠬᠡᠯᠪᠡᠷᠢ ᠪᠤᠯᠤᠭᠰᠠᠨ ᠤ ᠬᠤᠪᠢ ᠳᠤ᠂ ᠬᠦᠮᠦᠨ ᠦ ᠣᠳᠣᠬᠢᠴᠢᠯᠠᠯ ᠢ ᠤᠷᠠᠨ ᠵᠤᠬᠢᠶᠠᠯ ᠢᠶᠠᠷ ᠬᠡᠷᠬᠢᠨ ᠦᠵᠡᠭᠦᠯᠬᠦ ᠠᠰᠠᠭᠤᠳᠠᠯ ᠨᠢ ᠵᠤᠬᠢᠶᠠᠯᠴᠢ ᠤᠷᠠᠯᠢᠭᠴᠢᠳ ᠤᠨ ᠡᠮᠦᠨ᠎ᠡ ᠠᠶᠠᠨᠳᠠᠭᠠᠨ ᠲᠠᠯᠪᠢᠭᠳᠠᠨ᠎ᠠ᠃ ᠦᠭᠦᠯᠡᠯ ᠳᠦ᠂ 《ᠦᠭᠡᠷᠡᠴᠢᠯᠡᠯᠲᠡ ᠶᠢᠨ ᠤᠷᠠᠨ ᠵᠤᠬᠢᠶᠠᠯ》 ᠢᠶᠠᠷ ᠵᠢᠱᠢᠶᠡᠯᠡᠵᠦ᠂ ᠲᠤᠬᠠᠢ ᠶᠢᠨ ᠦᠶ᠎ᠡ ᠶᠢᠨ ᠵᠤᠬᠢᠶᠠᠯᠴᠢ ᠠᠴᠠ ᠬᠦᠮᠦᠨ ᠦ ᠣᠳᠣᠬᠢᠴᠢ ᠰᠢᠨᠵᠢ ᠶᠢ ᠬᠡᠷᠬᠢᠨ ᠲᠦᠰᠦᠭᠡᠯᠡᠭᠰᠡᠨ ᠲᠤᠬᠠᠢ ᠬᠦᠮᠦᠨ ᠺ ᠦᠵᠡᠬᠦ ᠬᠠᠷᠠᠭᠠᠨ ᠤ ᠬᠤᠪᠢᠰᠤᠯᠲᠠ ᠠᠴᠠ ᠭᠠᠷᠳᠠᠵᠤ᠂ ᠨᠡᠢᠭᠡᠮ ᠦᠨ ᠬᠠᠷᠢᠴᠠᠭᠠᠨ ᠤ ᠳᠤᠮᠳᠠᠬᠢ ᠬᠦᠮᠦᠨ᠂ ᠪᠤᠲᠠᠭᠠᠯᠢ ᠴᠢᠨᠠᠷ ᠤᠨ ᠴᠢᠯᠦᠭᠡᠯᠡᠯᠲᠡ᠂ ᠡᠮᠡᠭᠲᠡᠢᠴᠦᠳ ᠦᠨ ᠴᠢᠯᠦᠭᠡᠯᠡᠯᠲᠡ ᠶᠢᠨ ᠠᠰᠠᠭᠤᠳᠠᠯ ᠭᠡᠬᠦ ᠭᠤᠷᠪᠠᠨ ᠲᠠᠯ ᠠ ᠠᠴᠠ ᠰᠢᠨᠵᠢᠯᠡᠭᠰᠡᠨ ᠪᠠᠢᠨ᠎ᠠ᠃
原文 查看原文
出自 中国蒙古学 2015年 第2期

联系我们


内蒙古大学图书馆
呼和浩特市大学西路235号
中国·内蒙古
P: (0471) 4992561
E: huangfeilong@imu.edu.cn