摘要 |
ᠲᠤᠰ ᠦᠭᠦᠯᠡᠯ ᠳᠦ ᠂ 《ᠵᠠᠩᠭ᠋ᠠᠷ》 ᠲᠠᠬᠢ ᠵᠦᠭ ᠵᠤᠪᠬᠢᠰ ᠪᠤᠯ ᠮᠣᠩᠭ᠋ᠤᠯ ᠤᠨ ᠡᠷᠲᠡᠨ ᠦ ᠵᠦᠭ ᠵᠤᠪᠬᠢᠰ ᠪᠤᠯᠬᠤ ᠶᠢ ᠠᠩ᠋ᠬ᠎ᠠ ᠠᠯᠬᠤᠮ ᠨᠤᠲᠠᠯᠠᠵᠤ᠂ ᠲᠡᠭᠦᠨ ᠦ ᠡᠭᠦᠰᠦᠯ ᠬᠦᠭ᠍ᠵᠢᠯ ᠦᠨ ᠲᠤᠬᠠᠢ ᠮᠣᠩᠭ᠋ᠤᠯ ᠤᠨ ᠡᠷᠲᠡᠨ ᠦ ᠰᠤᠶᠤᠯ ᠲᠡᠦᠬᠡ᠂ ᠵᠠᠩ ᠦᠢᠯᠡ ᠪᠡ ᠭᠠᠵᠠᠷ ᠵᠦᠢ ᠶᠢᠨ ᠤᠬᠠᠭᠠᠨ ᠤ ᠡᠭᠦᠳᠡᠨ ᠡᠴᠡ ᠰᠦᠪᠡᠭ᠍ᠴᠢᠯᠡᠯᠲᠡ ᠬᠢᠵᠦ᠂ 《ᠵᠠᠩᠭ᠋ᠠᠷ》 ᠲᠠᠬᠢ ᠵᠦᠭ ᠵᠤᠪᠬᠢᠰ ᠢ ᠵᠢᠭᠠᠭᠰᠠᠨ ᠦᠭᠡᠰ ᠦᠨ ᠰᠢᠰᠲ᠋ᠧᠮ ᠨᠢ ᠤᠷᠢᠳ ᠬᠤᠵᠢᠳ ᠭᠤᠷᠪᠠᠨ ᠱᠠᠲᠤ ᠦᠶ᠎ᠡ ᠶᠢ ᠦᠩᠭᠡᠷᠡᠭᠰᠡᠨ ᠢ ᠨᠤᠲᠠᠯᠠᠪᠠ᠃ ᠳᠠᠷᠠᠭ᠎ᠠ ᠨᠢ 《ᠵᠠᠩᠭ᠋ᠠᠷ》 ᠲᠠᠬᠢ ᠵᠦᠭ ᠵᠤᠪᠬᠢᠰ ᠪᠠ ᠵᠦᠭᠯᠡᠭᠦᠷ ᠦᠨ ᠵᠦᠭ ᠵᠤᠪᠬᠢᠰ ᠤᠨ ᠬᠠᠷᠢᠴᠠᠭ᠎ᠠ ᠬᠢᠭᠡᠳ 《ᠵᠠᠩᠭ᠋ᠠᠷ》 ᠲᠠᠬᠢ ᠵᠦᠭ ᠵᠤᠪᠬᠢᠰ ᠤᠨ ᠦᠭᠡᠰ ᠦᠨ ᠰᠢᠰᠲ᠋ᠧᠮ ᠪᠡ ᠵᠦᠭᠯᠡᠭᠦᠷ ᠦᠨ ᠵᠦᠭ ᠵᠤᠪᠬᠢᠰ ᠤᠨ ᠦᠭᠡᠰ ᠦᠨ ᠰᠢᠰᠲ᠋ᠧᠮ ᠦᠨ ᠬᠠᠷᠢᠴᠠᠭᠠᠨ ᠤ ᠲᠤᠬᠠᠢ ᠰᠢᠨᠵᠢᠯᠡᠯᠲᠡ ᠬᠢᠪᠡ᠃ |