题名 |
ᠬᠤᠶᠠᠳᠤᠭᠠᠷ ᠲᠦᠷᠢ ᠶᠢᠨ ᠵᠠᠩᠭᠢᠶ᠎ᠠ ᠬᠤᠳᠤᠭᠳᠤ ᠠᠭᠸᠠᠩᠯᠤᠪᠰᠠᠩᠴᠤᠢ᠌ᠳᠠᠨ ᠪᠠ ᠲᠡᠭᠦᠨ ᠤ ᠤᠯᠤᠰ ᠲᠦᠷᠦ ᠶᠢᠨ ᠦᠢᠯᠡ ᠠᠵᠢᠯᠯᠠᠭ᠎ᠠ |
作者 |
ᠴᠢᠤᠸᠠᠨ ᠷᠦᠩ |
关键词 |
ᠵᠠᠩᠭᠢᠶ᠎ᠠ ᠬᠤᠳᠤᠭᠳᠤ; ᠠᠭᠸᠠᠩᠯᠤᠪᠰᠠᠩᠴᠤᠢ᠌ᠳᠠᠨ; ᠦᠢᠯᠡ ᠠᠵᠢᠯᠯᠠᠭ᠎ᠠ |
摘要 |
ᠵᠠᠩᠭᠢᠶ᠎ᠠ ᠬᠤᠳᠤᠭᠳᠤ ᠪᠤᠯ ᠦᠪᠦᠷ ᠮᠤᠩᠭ᠋ᠤᠯ ᠤᠨ ᠬᠠᠮᠤᠭ ᠤᠨ ᠲᠡᠭᠡᠳᠦ ᠲᠦᠷᠦᠯ ᠠᠷᠠᠯᠵᠢᠬᠤ ᠬᠤᠳᠤᠭᠳᠤ ᠬᠤᠪᠢᠯᠭᠠᠨ ᠤ ᠰᠢᠰᠲ᠋ᠸᠮ ᠪᠤᠯᠤᠨ᠎ᠠ᠃ ᠬᠤᠶᠠᠳᠤᠭᠠᠷ ᠲᠦᠷᠢ ᠶᠢᠨ ᠵᠠᠩᠭᠢᠶ᠎ᠠ ᠬᠤᠳᠤᠭᠳᠤ ᠠᠭᠸᠠᠩᠯᠤᠪᠰᠤᠩᠴᠤᠢ᠌ᠳᠠᠨ ᠪᠤᠯ ᠲᠠᠢ᠌ᠴᠢᠩ ᠤᠯᠤᠰ ᠤᠨ ᠲᠦᠪ ᠵᠠᠰᠠᠭ ᠡᠴᠡ ᠡᠷᠭᠦᠮᠵᠢᠯᠡᠭᠰᠡᠨ ᠬᠤᠳᠤᠭᠳᠤ ᠬᠤᠪᠢᠯᠭᠠᠨ ᠮᠦᠨ᠃ ᠲᠡᠷᠡ ᠪᠡᠷ ᠲᠠᠢ᠌ᠴᠢᠩ ᠤᠯᠤᠰ ᠤᠨ ᠵᠠᠰᠠᠭ ᠤᠨ ᠭᠠᠵᠠᠷ 20 ᠭᠠᠷᠤᠢ ᠵᠢᠯ ᠦᠢᠯᠡᠴᠢᠯᠡᠵᠦ᠂ ᠲᠦᠪᠡᠳ ᠤᠷᠤᠨ ᠪᠤᠯᠤᠨ ᠲᠠᠢ᠌ᠴᠢᠩ ᠤᠯᠤᠰ ᠤᠨ ᠲᠦᠪ ᠵᠠᠰᠠᠭ ᠯᠤᠭ᠎ᠠ ᠶᠢᠨ ᠬᠠᠷᠢᠴᠠᠭ᠎ᠠ ᠶᠢ ᠰᠠᠢ᠌ᠵᠢᠷᠠᠭᠤᠯᠬᠤ᠂ ᠲᠦᠪᠡᠳ ᠪᠠ ᠮᠤᠩᠭ᠋ᠤᠯ ᠤᠷᠤᠨ ᠤ ᠠᠮᠤᠷ ᠲᠦᠪᠰᠢᠨ ᠢ ᠠᠬᠢᠭᠤᠯᠬᠤ ᠳᠤ ᠴᠢᠬᠤᠯᠠ ᠠᠴᠢ ᠬᠤᠯᠨᠪᠤᠭᠳᠠᠯ ᠲᠠᠢ ᠶᠤᠮ᠃ ᠦᠭᠦᠯᠡᠯ ᠳᠤ᠂ ᠲᠠᠢ᠌ᠴᠢᠩ ᠤᠯᠤᠰ ᠤᠨ ᠨᠠᠢ᠌ᠷᠠᠯᠳᠤ ᠲᠦᠪ ᠬᠠᠭᠠᠨ ᠤ ᠦᠶ᠎ᠡ ᠳᠤ ᠲᠤᠭᠤᠷᠪᠢᠭᠳᠠᠭᠰᠠᠨ ᠪᠡᠭᠡᠵᠢᠩ ᠮᠤᠳᠤᠨ ᠪᠠᠷ ᠤᠨ ᠪᠢᠴᠢᠭ᠌《ᠠᠰᠠᠷᠠᠯ ᠨᠢᠭᠦᠯᠡᠰᠭᠦᠢ ᠪᠡᠷ ᠪᠦᠬᠦᠨ ᠢ ᠤᠷᠤᠢ ᠪᠡᠷ ᠠᠪᠢᠰᠢᠭ᠌ ᠦᠭ᠍ᠭᠦᠭ᠍ᠴᠢ ᠬᠠᠮᠤᠭ ᠢ ᠠᠢ᠌ᠯᠠᠳᠤᠭᠴᠢ ᠶᠡᠬᠡ ᠯᠠᠮᠠ ᠬᠡᠮᠡᠨ ᠤᠳᠬ᠎ᠠ ᠯᠤᠭ᠎ᠠ ᠨᠡᠢ᠌ᠯᠡᠭᠦᠯᠵᠦ ᠴᠤᠯᠠ ᠡᠷᠭᠦᠭ᠍ᠰᠡᠨ ᠪᠤᠭᠳᠠ ᠸᠠᠭᠢᠳᠠᠷᠠ ᠰᠤᠮᠠᠳᠢ ᠰᠢᠷᠢᠪᠠᠳᠠᠷᠠ ᠶᠢᠨ ᠴᠡᠳᠢᠭ ᠰᠤᠪᠤᠳ ᠡᠷᠢᠬᠡ》 ᠳᠤ ᠲᠤᠯᠭᠠᠷᠢᠭᠤᠯᠤᠨ᠂ ᠪᠤᠰᠤᠳ ᠬᠤᠯᠪᠤᠭᠳᠠᠯ ᠪᠦᠬᠦᠢ ᠮᠤᠩᠭ᠋ᠤᠯ᠂ ᠬᠢᠳᠠᠳ᠂ ᠲᠦᠪᠡᠳ ᠲᠡᠦᠬᠡᠨ ᠮᠠᠲ᠋ᠸᠷᠢᠶᠠᠯ ᠪᠠ ᠨᠠᠮᠳᠠᠷ ᠴᠠᠳᠢᠭ ᠢ ᠠᠰᠢᠭᠯᠠᠨ ᠬᠤᠶᠠᠳᠤᠭᠠᠷ ᠲᠦᠷᠢ ᠶᠢᠨ ᠵᠠᠩᠭᠢᠶ᠎ᠠ ᠬᠤᠳᠤᠭᠳᠤ ᠵᠢᠴᠢ ᠲᠡᠭᠦᠨ ᠤ ᠨᠠᠰᠤᠨ ᠲᠤᠷᠰᠢ ᠶᠢᠨ ᠦᠢᠯᠡ ᠠᠵᠢᠯᠯᠠᠭ᠎ᠠ ᠳᠤ ᠰᠢᠨᠵᠢᠯᠡᠭᠡ ᠬᠢᠪᠡ᠃
|
原文 |
查看原文
|
出自 |
中国蒙古学
2015年
第6期
|