题名 |
ᠮᠣᠩᠭᠤᠯ ᠬᠢᠲᠠᠳ ᠬᠡᠯᠡᠨ ᠦ ᠵᠡᠷᠭᠡᠴᠡᠭᠦᠯᠦᠯ ᠳᠦ ᠲᠤᠬᠢᠶᠠᠯᠳᠤᠭᠰᠠᠨ ᠠᠰᠠᠭᠤᠳᠠᠯ ᠵᠢᠴᠢ ᠵᠠᠳᠠᠯᠤᠯᠲᠠ |
作者 |
ᠵᠠᠩ ᠭᠧᠨ ᠰᠢᠶᠦ᠋ᠩ; ᠹᠦ᠋ ᠮᠦᠷᠡᠨ |
关键词 |
ᠮᠣᠩᠭᠤᠯ ᠬᠢᠲᠠᠳ ᠬᠡᠯᠡᠨ ᠦ ᠵᠡᠷᠭᠡᠴᠡᠭᠦᠯᠦᠯ; ᠬᠡᠯᠡᠨ ᠦ ᠮᠠᠲ᠋ᠧᠷᠢᠶᠠᠯ ᠤᠨ ᠬᠦᠮᠦᠷᠭᠡ; ᠬᠤᠭᠤᠰᠤᠨ ᠵᠡᠷᠭᠡᠴᠡᠭᠦᠯᠦᠯ; ᠬᠠᠮᠢᠶᠠᠷᠤᠯᠲᠠ ᠶᠢᠨ ᠴᠢᠳᠠᠮᠵᠢ |
摘要 |
ᠰᠤᠨᠢᠨ ᠮᠡᠳᠡᠭᠡ᠂ ᠤᠯᠤᠰ ᠲᠦᠷᠦ ᠪᠠ ᠬᠤᠤᠰ ᠬᠡᠯᠡᠨ ᠦ ᠵᠢᠭᠠᠨ ᠰᠤᠷᠭᠠᠯᠲᠠ ᠵᠡᠷᠭᠡ ᠬᠦᠷᠢᠶ᠎ᠡ ᠬᠡᠪᠴᠢᠶᠡᠨ ᠡᠴᠡ 2000 ᠬᠤᠤᠰ ᠦᠭᠦᠯᠡᠪᠦᠷᠢ ᠶᠢ ᠰᠤᠩᠭᠤᠨ ᠠᠪᠴᠤ᠂ ᠮᠣᠩᠭᠤᠯ ᠬᠢᠲᠠᠳ ᠬᠤᠤᠰ ᠬᠡᠯᠡ ᠪᠡᠷ ᠪᠦᠷᠢᠯᠳᠦᠭᠰᠡᠨ ᠬᠡᠯᠡᠨ ᠦ ᠮᠠᠲ᠋ᠧᠷᠢᠶᠠᠯ ᠢᠶᠠᠨ ᠪᠤᠯᠭᠠᠵᠠᠢ᠃ ᠡᠳᠡᠭᠡᠷ ᠦᠭᠦᠯᠡᠪᠦᠷᠢ ᠳᠡᠬᠢ ᠦᠭᠡᠰ ᠦᠨ ᠴᠢᠨᠠᠷ᠂ ᠦᠭᠦᠯᠡᠪᠦᠷᠢ ᠶᠢᠨ ᠪᠦᠷᠢᠯᠳᠦᠭᠦᠨ ᠵᠢᠴᠢ ᠦᠭᠦᠯᠡᠪᠦᠷᠢ ᠵᠦᠢ ᠶᠢᠨ ᠪᠦᠲᠦᠴᠡ ᠳᠦ ᠲᠡᠮᠳᠡᠭ ᠲᠠᠯᠪᠢᠵᠠᠢ᠃ ᠮᠣᠩᠭᠤᠯ ᠬᠢᠲᠠᠳ ᠦᠭᠡᠰ ᠲᠦ ᠲᠡᠮᠳᠡᠭ ᠲᠠᠯᠪᠢᠬᠤ ᠶᠠᠪᠤᠴᠠ ᠳᠠᠭᠠᠨ ᠨᠢᠭᠡ ᠨᠢᠭᠡ ᠶᠢᠨ ᠬᠠᠷᠢᠴᠠᠭ᠎ᠠ᠂ ᠨᠢᠭᠡ ᠣᠯᠠᠨ ᠤ ᠬᠠᠷᠢᠴᠠᠭ᠎ᠠ᠂ ᠣᠯᠠᠨ ᠨᠢᠭᠡ ᠶᠢᠨ ᠬᠠᠷᠢᠴᠠᠭ᠎ᠠ ᠬᠢᠭᠡᠳ ᠣᠯᠠᠨ ᠣᠯᠠᠨ ᠤ ᠬᠠᠷᠢᠴᠠᠭ᠎ᠠ ᠲᠠᠢ ᠪᠠᠢᠬᠤ ᠶᠢ ᠰᠡᠷᠡᠨ ᠮᠡᠳᠡᠵᠡᠢ᠃ ᠬᠡᠳᠦ ᠤᠷᠲᠤ ᠦᠭᠦᠯᠡᠪᠦᠷᠢ ᠶᠢᠨ ᠵᠡᠷᠭᠡᠴᠡᠭᠦᠯᠦᠯ ᠨᠢ ᠦᠷ᠎ᠡ ᠳ᠋ᠦᠩ ᠦᠨ ᠣᠨᠣᠪᠴᠢᠲᠠᠢ ᠪᠠᠢᠬᠤ ᠶᠢ ᠨᠦᠯᠦᠭᠡᠯᠡᠨ᠎ᠡ᠃ ᠵᠠᠷᠢᠮ ᠳᠠᠭᠠᠨ ᠬᠤᠭᠤᠰᠤᠨ ᠵᠡᠷᠭᠡᠴᠡᠭᠦᠯᠦᠯ ᠪᠤᠢ ᠪᠤᠯᠤᠨ᠎ᠠ᠃ ᠬᠤᠭᠤᠰᠤᠨ ᠵᠡᠷᠭᠡᠴᠡᠭᠦᠯᠦᠯ ᠭᠡᠭᠴᠢ ᠨᠢᠭᠡ ᠬᠡᠯᠡᠨ ᠦ ᠦᠭᠡᠰ ᠨᠢ ᠨᠦᠬᠦᠭᠡ ᠬᠡᠯᠡᠨ ᠳᠦ ᠬᠠᠷᠠᠭᠠᠯᠵᠠᠭᠰᠠᠨ ᠣᠷᠴᠢᠭᠤᠯᠤᠯ ᠪᠠᠢᠬᠤ ᠦᠭᠡᠢ ᠶᠢ ᠵᠢᠭᠠᠨ᠎ᠠ᠃ |
原文 |
没有原文
|
出自 |
内蒙古师范大学学报(自然科学蒙古文版)
2013年
第4期
|