论文信息


题名 ᠮᠣᠩᠭᠤᠯ ᠪᠦᠬᠡ ᠮᠦᠷᠭᠦᠯ ᠦᠨ ᠪᠦᠬᠡ ᠪᠤᠯᠬᠤ ᠶᠤᠰᠤᠨ ᠤ ᠵᠠᠮ ᠮᠦᠷ ᠢ ᠬᠠᠢᠬᠤ ᠨᠢ
作者 ᠰᠠᠷᠠᠭᠤᠯ
关键词 ᠮᠣᠩᠭᠤᠯ ᠪᠦᠬᠡ ᠮᠦᠷᠭᠦᠯ; ᠪᠦᠬᠡ ᠪᠤᠯᠬᠤ ᠶᠤᠰᠤᠨ; ᠬᠦᠭᠵᠢᠯ ᠦᠨ ᠵᠠᠮ ᠮᠦᠷ
摘要 ᠣᠪᠤᠭ ᠤᠨ ᠪᠠᠢᠭᠤᠯᠤᠯ ᠤᠨ ᠦᠶ᠎ᠡ ᠳᠦ ᠡᠭᠦᠰᠦᠭᠰᠡᠨ ᠪᠦᠬᠡ ᠮᠦᠷᠭᠦᠯ ᠠᠩᠬᠠᠨ ᠦᠶ᠎ᠡ ᠣᠪᠤᠭᠲᠠᠨ ᠤ ᠳᠤᠲᠤᠷ᠎ᠠ ᠪᠠᠨ ᠦᠶ᠎ᠡ ᠵᠠᠯᠭᠠᠮᠵᠢᠯᠠᠵᠤ ᠤᠭ ᠢᠶᠠᠨ ᠳᠠᠭᠠᠵᠤ ᠪᠦᠬᠡ ᠪᠤᠯᠳᠠᠭ ᠪᠠᠢᠭᠰᠠᠨ ᠠᠴᠠ ᠪᠠᠨ ᠣᠪᠤᠭ ᠤᠨ ᠵᠠᠳᠠᠷᠠᠯ ᠢ ᠳᠠᠭᠠᠯᠳᠤᠨ ᠨᠡᠢᠭᠡᠮ ᠡᠴᠡ ᠲᠤᠳᠤᠷᠠᠭᠤᠯᠬᠤ ᠬᠡᠯᠪᠡᠷᠢ ᠪᠡᠷ ᠪᠦᠬᠡ ᠪᠤᠯᠳᠠᠭ ᠪᠤᠯᠤᠭᠰᠠᠨ ᠪᠠᠢᠨ᠎ᠠ᠃ 《ᠪᠦᠬᠡ ᠶᠢᠨ ᠡᠪᠡᠳᠴᠢᠨ》 ᠳᠤᠰᠴᠦ ᠪᠦᠬᠡ ᠪᠤᠯᠳᠠᠭ ᠨᠢ ᠡᠷᠲᠡᠨ ᠡᠴᠡ ᠡᠳᠦᠭᠡ ᠳᠦ ᠲᠤᠯᠲᠠᠯ᠎ᠠ ᠤᠯᠠᠮᠵᠢᠯᠠᠭᠳᠠᠵᠤ᠂ ᠮᠣᠩᠭᠤᠯ ᠡᠯ᠎ᠡ ᠣᠪᠤᠭ ᠶᠠᠰᠤᠲᠠᠨ᠂ ᠣᠷᠤᠨ ᠨᠤᠲᠤᠭ ᠤᠨ ᠪᠦᠬᠡ ᠳᠦ ᠲᠦᠭᠡᠮᠡᠯ ᠬᠠᠷᠠᠭᠳᠠᠳᠠᠭ ᠶᠤᠰᠤ ᠪᠤᠯᠤᠨ᠎ᠠ᠃ ᠪᠦᠬᠡ ᠪᠤᠯᠤᠭᠰᠠᠳ ᠡᠷᠬᠡᠪᠰᠢ ᠪᠠᠭᠰ ᠲᠠᠨᠢᠵᠤ᠂ ᠪᠠᠭᠰᠢ ᠱᠠᠪᠢ ᠶᠢᠨ ᠪᠠᠢᠯᠳᠤᠯᠭ᠎ᠠ ᠰᠤᠷᠭᠠᠯ ᠢᠶᠠᠷ ᠪᠦᠬᠡ ᠶᠢᠨ ᠵᠠᠮ ᠳᠤ ᠣᠷᠤᠳᠠᠭ᠃ ᠪᠦᠬᠡ ᠶᠢᠨ ᠶᠢᠰᠦᠨ ᠳᠠᠪᠠᠭ᠎ᠠ ᠳᠠᠪᠠᠬᠤ ᠶᠤᠰᠤᠨ ᠡᠷᠲᠡᠨ ᠡᠴᠡ ᠪᠡᠨ ᠴᠢᠩᠭ᠍᠎ᠠ ᠪᠠᠷᠢᠮᠲᠠᠯᠠᠭᠳᠠᠨ ᠵᠢᠷᠤᠮᠯᠠᠭᠳᠠᠵᠤ ᠢᠷᠡᠭᠡᠳ ᠨᠡᠢᠭᠡᠮ ᠴᠠᠭ ᠦᠶ᠎ᠡ ᠶᠢᠨ ᠬᠦᠭᠵᠢᠯ ᠢ ᠳᠠᠭᠠᠯᠳᠤᠨ ᠤᠯᠠᠮ ᠢᠶᠠᠷ ᠲᠦᠭᠦᠮᠵᠢᠯᠡᠭᠳᠡᠵᠦ ᠪᠡᠯᠭᠡᠳᠡᠯ ᠦᠨ ᠰᠢᠨᠵᠢ ᠪᠦᠬᠦᠢ ᠳᠠᠪᠠᠭ᠎ᠠ ᠳᠠᠪᠠᠬᠤ᠂ ᠬᠤᠤᠰ ᠳᠠᠪᠠᠭ᠎ᠠ ᠳᠠᠪᠠᠬᠤ ᠪᠤᠯᠤᠨ ᠬᠤᠪᠢᠷᠠᠵᠤ ᠪᠤᠢ᠃ ᠪᠦᠬᠡ ᠮᠦᠷᠭᠦᠯ ᠦᠨ ᠡᠷᠲᠡᠨ ᠦ ᠣᠢᠯᠠᠭᠠᠭᠳᠠᠬᠤᠨ ᠠᠯᠬᠤᠮ ᠲᠠᠢ ᠪᠠᠷ ᠨᠢᠮᠬᠡᠷᠡᠵᠦ᠂ ᠪᠤᠯᠪᠠᠰᠤᠨ ᠴᠠᠭ ᠦᠶ᠎ᠡ ᠶᠢᠨ ᠣᠷᠴᠢᠨ ᠲᠤᠭᠤᠷᠢᠨ ᠲᠠᠢ ᠵᠤᠬᠢᠴᠠᠵᠤ᠂ ᠦᠪᠡᠷ ᠦᠨ ᠤᠯᠠᠮᠵᠢᠯᠠᠯᠲᠤ ᠪᠦᠬᠡ ᠪᠤᠯᠬᠤ ᠶᠤᠰᠤᠨ ᠢᠶᠠᠨ ᠪᠠᠷᠢᠮᠲᠠᠯᠠᠵᠤ᠂ ᠠᠮᠢᠳᠤᠯᠢᠭ ᠢᠶᠠᠷ ᠠᠮᠢᠳᠤᠷᠠᠯ ᠤᠨ ᠬᠦᠴᠦᠨ ᠢᠶᠡᠨ ᠬᠠᠳᠠᠭᠠᠯᠠᠨ ᠣᠷᠤᠰᠢᠨ ᠲᠤᠭᠲᠠᠨᠢᠬᠤ ᠪᠤᠯᠵᠤ ᠪᠤᠢ᠃
原文 查看原文
出自 中国蒙古学 2015年 第2期

联系我们


内蒙古大学图书馆
呼和浩特市大学西路235号
中国·内蒙古
P: (0471) 4992561
E: huangfeilong@imu.edu.cn