题名 |
ᠤᠢᠷᠠᠳ ᠠᠮᠠᠨ ᠶᠠᠷᠢᠶᠠᠨ ᠤ ᠡᠭᠡᠰᠢᠭ ᠠᠪᠢᠶᠠᠯᠠᠪᠤᠷᠢ ᠬᠢᠭᠡᠳ ᠬᠠᠭᠤᠴᠢᠨ ᠪᠢᠴᠢᠭ ᠤᠨ ᠬᠡᠯᠡᠨ ᠤ ᠬᠠᠷᠢᠴᠠᠭᠤᠯᠤᠯ |
作者 |
ᠪᠡ•ᠲᠠᠮᠷᠢᠨᠵᠠᠪ |
关键词 |
ᠤᠢᠷᠠᠳ ᠠᠮᠠᠨ ᠶᠠᠷᠢᠶ ᠠ; ᠡᠭᠡᠰᠢᠭ ᠠᠪᠢᠶᠠᠯᠠᠪᠤᠷᠢ ;ᠬᠠᠭᠤᠴᠢᠨ ᠪᠢᠴᠢᠭ ᠤᠨ ᠬᠡᠯᠡ |
摘要 |
ᠣᠳᠣ ᠮᠠᠨ ᠤ ᠤᠯᠤᠰ ᠤᠨ ᠪᠠᠷᠠᠭᠤ ᠬᠤᠢᠲᠤ ᠬᠢᠵᠠᠭᠠᠷ ᠤᠷᠤᠨ ᠪᠣᠯᠬᠤ ᠰᠢᠨᠵᠢᠶᠠᠩ ᠳᠤ ᠨᠡᠢᠲᠡ ᠠᠷᠪᠠᠨ ᠭᠤᠷᠪᠠᠨ ᠲᠦᠮᠡ ᠭᠠᠷᠤᠢ ᠮᠣᠩᠭᠤᠯᠴᠤᠳ ᠰᠠᠭᠤᠷᠢᠰᠢᠨ ᠰᠠᠭᠤᠵᠤ ᠪᠠᠢᠬᠤ ᠪᠦᠭᠡᠳ ᠲᠡᠳᠡᠨ ᠢ ᠤᠢᠷᠠᠳ ᠮᠣᠩᠭᠤᠯ ᠭᠡᠳᠡᠭ ᠪᠢᠯᠡ᠃ ᠤᠢᠷᠠᠳ ᠮᠣᠩᠭᠤᠯᠴᠤᠳ ᠡᠷᠲᠡ ᠡᠴᠡ ᠠᠪᠤᠭᠠᠳ ᠤᠲᠤ ᠬᠦᠷᠲᠡᠯ ᠠ ᠭᠡᠲᠦᠨ ᠵᠠᠭᠤᠨ ᠵᠢᠯ ᠤᠨ ᠲᠤᠷᠰᠢ ᠲᠡᠭᠷᠢ ᠠᠭᠤᠯᠠ ᠶᠢᠨ ᠡᠮᠦᠨ. ᠠᠬᠤᠢᠨᠠ ᠠᠷᠤ ᠦᠪᠦᠷ ᠢᠢᠡᠷ ᠮᠠᠯ ᠮᠠᠯᠯᠠᠨ᠂ ᠠᠩ ᠠᠩᠨᠠᠵᠤ᠂ ᠲᠠᠷᠢᠶ ᠠ ᠲᠠᠷᠢᠭᠠᠳ ᠠᠵᠤ ᠲᠦᠷᠦᠨ ᠢᠷᠡᠭᠰᠡᠨ ᠪᠦᠭᠡᠳ ᠵᠠᠮ ᠬᠠᠷᠢᠯᠴᠠᠭ᠎ᠠ ᠪᠠ ᠪᠣᠰᠤᠳ ᠵᠦᠢᠯ ᠤᠨ ᠬᠠᠷᠰᠢ ᠰᠠᠭᠠᠳ ᠡᠴᠡ ᠪᠣᠯᠵᠤ ᠤᠷᠲᠤ ᠤᠳᠠᠭᠠᠨ ᠬᠤᠭᠤᠴᠠᠭᠠᠨ ᠳ᠋ᠤ ᠦᠭᠡᠷ ᠡ ᠤᠷᠤᠨ ᠤ ᠮᠣᠩᠭᠤᠯᠴᠤᠳ ᠲᠠᠢ ᠪᠠᠨ ᠲᠡᠮᠡᠢ ᠶᠠᠪᠤᠯᠴᠠᠵᠤ ᠴᠢᠳᠠᠭᠰᠠᠨ ᠦᠭᠡᠢ ᠪᠢᠯᠡ᠃ ᠲᠡᠢᠮᠦ ᠡᠴᠡ ᠦᠭᠡ ᠬᠡᠯᠡᠨ ᠤ ᠲᠠᠯ ᠠ ᠪᠡᠷ(ᠠᠪᠢᠶ ᠠ᠂ ᠬᠡᠯᠡ ᠵᠦᠢ᠂ ᠦᠭᠡᠣᠰ ᠤᠨ ᠰᠠᠩ) ᠪᠣᠰᠤᠳ ᠭᠠᠵᠠᠷ ᠤᠷᠤᠨ ᠤ ᠮᠣᠩᠭᠤᠯᠴᠤᠳ ᠡᠴᠡ ᠪᠠᠨ ᠪᠠᠬᠠᠨ ᠵᠦᠷᠢᠶ ᠠ ᠲᠠᠢ ᠭᠠᠵᠠᠷ ᠪᠤᠢ᠃ ᠭᠡᠪᠡᠴᠦ ᠵᠠᠷᠢᠮ ᠨᠢᠭᠡ ᠲᠠᠯ ᠠ ᠪᠡᠷ ᠢᠢᠡᠨ ᠡᠷᠲᠡᠨ ᠤ ᠮᠣᠩᠭᠤᠯ ᠬᠡᠯᠡᠨ ᠤ ᠤᠨᠴᠠᠯᠢᠭ ᠢ ᠬᠠᠳᠠᠭᠠᠯᠠᠵᠤ ᠪᠠᠢᠬᠤ ᠪᠡᠷ ᠢᠢᠡᠨ ᠦᠭᠡᠷ ᠡ ᠪᠣᠰᠤᠳ ᠨᠤᠲᠤᠭ ᠤᠨ ᠬᠡᠯᠡ ᠠᠶᠠᠯᠭᠤ ᠡᠴᠡ ᠲᠠᠪᠠᠭᠤᠯᠢᠭ ᠲᠠᠯ ᠠ ᠲᠠᠢ ᠭᠠᠵᠠᠷ ᠴᠦ ᠪᠤᠢ᠂ ᠡᠢᠮᠦ ᠡᠴᠡ ᠤᠢᠷᠠᠳ ᠨᠤᠲᠤᠭ ᠤᠨ ᠠᠶᠠᠯᠭᠤ ᠵᠢ ᠰᠣᠳᠤᠯᠬᠤ ᠨᠢ ᠡᠷᠲᠡᠨ ᠤ ᠮᠣᠩᠭᠤᠯ ᠬᠡᠯᠡ ᠵᠢ ᠰᠣᠳᠤᠯᠬᠤ ᠳ᠋ᠤ ᠨᠡᠩ ᠶᠡᠬᠡ ᠠᠰᠢᠭ ᠲᠠᠢ ᠪᠡᠷ ᠪᠠᠷᠠᠬᠤ ᠦᠭᠡᠢ ᠣᠳᠣ ᠶᠢᠨ ᠦᠰᠦᠭ ᠪᠢᠴᠢᠭ ᠢᠢᠡᠷ ᠨᠢᠭᠡᠳᠭᠡᠵᠦ ᠪᠠᠷᠢᠮᠵᠢᠶ ᠠ ᠠᠪᠢᠶ ᠠ ᠵᠢ ᠲᠡᠯᠭᠡᠷᠡᠭᠦᠯᠬᠦ ᠳ᠋ᠤ ᠴᠦ ᠴᠢᠬᠤᠯᠠ ᠶᠡᠬᠡ ᠠᠴᠢ ᠬᠤᠯᠪᠤᠭᠳᠠᠯ ᠲᠠᠢ ᠶᠣᠮ᠃ |
原文 |
没有原文
|
出自 |
西北民族大学学报
1994年
第1期
|