摘要 |
《ᠡᠷᠬᠡ ᠴᠢᠯᠦᠭᠡ》 ᠭᠡᠬᠦ ᠨᠢᠭᠡ ᠤᠬᠠᠭᠳᠠᠬᠤᠨ ᠠᠳᠠᠯᠢ ᠪᠤᠰᠤ ᠰᠢᠨᠵᠢᠯᠡᠭᠡᠨ ᠤ ᠰᠠᠯᠠᠭ᠎ᠠ ᠳᠤ ᠢᠯᠡᠷᠡᠨ ᠭᠤᠣ᠎ᠠ ᠲᠠᠭᠠᠰᠢᠶᠠᠬᠤᠢ ᠯᠤᠭ᠎ᠠ ᠬᠠᠷᠢᠴᠠᠭ᠎ᠠ ᠡᠭᠦᠰᠴᠦ ᠪᠤᠢ᠃ ᠭᠡᠳᠡᠯ᠎ᠡ 《ᠡᠷᠬᠡ ᠴᠢᠯᠦᠭᠡ》 ᠶᠢᠨ ᠲᠤᠬᠠᠢ ᠬᠦᠮᠦᠰ ᠤᠨ ᠤᠢ᠌ᠯᠠᠭᠠᠯᠳᠠ ᠶᠡᠷᠦ ᠠᠳᠠᠯᠢ ᠦᠭᠡᠢ᠂ ᠴᠢᠨᠠᠭᠰᠢᠯᠠᠪᠠᠯ ᠲᠡᠭᠦᠨ ᠤ ᠤᠯᠠᠨ ᠤᠳᠬ᠎ᠠ ᠶᠢᠨ ᠰᠢᠨᠵᠢ᠂ ᠤᠯᠠᠨ ᠲᠡᠭᠳᠡᠷᠯᠢᠭ᠌ ᠤᠨ ᠰᠢᠨᠵᠢ ᠶᠢ ᠴᠦ ᠤᠮᠳᠤᠭᠠᠢ᠌ᠯᠠᠪᠠ᠃ ᠡᠢ᠌ᠮᠤ ᠡᠴᠡ ᠡᠨᠳᠡ ᠪᠢᠳᠡ 《ᠡᠷᠭᠡ ᠴᠢᠯᠦᠭᠡ》 ᠳᠤ ᠭᠤᠤᠯᠳᠠᠭᠤ ᠦᠭᠡ ᠶᠢᠨ ᠤᠳᠬ᠎ᠠ ᠶᠢᠨ ᠵᠠᠳᠠᠯᠤᠯᠳᠠ ᠬᠢᠵᠦ᠂ ᠡᠷᠬᠡ ᠴᠢᠯᠦᠭᠡ ᠪᠤᠯᠤᠨ ᠭᠤᠣ᠎ᠠ ᠲᠠᠭᠠᠰᠢᠶᠠᠬᠤᠢ ᠶᠢᠨ ᠬᠠᠷᠢᠴᠠᠭ᠎ᠠ ᠬᠤᠯᠪᠤᠭ᠎ᠠ ᠶᠢ ᠢᠯᠭᠠᠨ ᠲᠤᠳᠤᠯᠠᠵᠤ᠂ ᠬᠦᠮᠦᠰ ᠤᠨ ᠤᠢ᠌ᠯᠠᠭᠠᠯᠳᠠ ᠶᠢᠨ ᠲᠤᠮᠳᠠᠬᠢ ᠠᠯᠳᠠᠭ᠎ᠠ ᠲᠠᠰᠢᠶ᠎ᠠ ᠶᠢ ᠵᠠᠯᠠᠷᠠᠭᠤᠯᠤᠨ᠂ ᠭᠤᠣ᠎ᠠ ᠲᠠᠭᠠᠰᠢᠶᠠᠬᠤᠢ ᠶᠢᠨ ᠤᠭ ᠴᠤᠭᠴᠠ ᠶᠢᠨ ᠰᠤᠳᠤᠯᠭᠠᠨ ᠢ ᠠᠬᠢᠭᠤᠯᠬᠤ ᠶᠢ ᠵᠤᠷᠢᠪᠠ᠃ |