摘要 |
ᠪᠠᠭᠠᠷᠢᠨ ᠠᠢ᠌ᠮᠠᠭ ᠢ ᠪᠠᠭᠳᠠᠭᠠᠭᠰᠠᠨ ᠦᠪᠦᠷ ᠬᠠᠯᠬ᠎ᠠ ᠶᠢᠨ ᠨᠤᠳᠤᠭ ᠲᠤ ᠪᠤᠷᠬᠠᠨ ᠤ ᠱᠠᠰᠢᠨ ᠤ ᠲᠡᠯᠭᠡᠷᠡᠭᠰᠡᠨ ᠨᠢ ᠲᠦᠮᠡᠨ ᠵᠠᠰᠠᠭᠳᠤ ᠬᠠᠭᠠᠨ ᠤ ᠦᠶ᠎ᠡ ᠪᠤᠯᠬᠤ ᠪᠦᠭᠡᠳ ᠯᠢᠭ᠍ᠳᠡᠨ ᠬᠠᠭᠠᠨ ᠤ ᠦᠶ᠎ᠡ ᠳᠤ ᠪᠠᠭᠠᠷᠢᠨ ᠳᠤ ᠰᠦᠮ᠎ᠡ ᠰᠤᠪᠤᠷᠭ᠎ᠠ ᠪᠠᠢ᠌ᠭᠤᠯᠬᠤ᠂ ᠨᠤᠮ ᠰᠤᠳᠤᠷ ᠤᠷᠴᠢᠭᠤᠯᠬᠤ ᠦᠢᠯᠡᠰ ᠲᠡᠯᠭᠡᠷᠡᠵᠦ ᠪᠠᠢ᠌ᠵᠠᠢ᠃ ᠪᠠᠭᠠᠷᠢᠨ ᠠᠢ᠌ᠮᠠᠭ ᠴᠢᠩ ᠤᠯᠤᠰ ᠢ ᠲᠠᠭᠠᠭᠰᠠᠨ ᠤ ᠲᠠᠷᠠᠭ᠎ᠠ ᠴᠢᠩ ᠤᠯᠤᠰ ᠤᠨ ᠱᠠᠰᠢᠨ ᠤ ᠲᠦᠷᠦ ᠶᠢᠨ ᠪᠤᠳᠤᠯᠭ᠎ᠠ ᠶᠢᠨ ᠦᠷ᠎ᠡ ᠲᠠᠭᠠᠪᠤᠷᠢ ᠪᠤᠯᠵᠤ ᠪᠠᠭᠠᠷᠢᠨ ᠳᠤ ᠰᠢᠷ᠎ᠠ ᠶᠢᠨ ᠱᠠᠰᠢᠨ ᠨᠡᠩ ᠬᠦᠴᠦᠳᠡᠢ ᠲᠡᠯᠭᠡᠷᠡᠵᠦ᠂ ᠰᠦᠮ᠎ᠡ ᠬᠡᠢ᠌ᠳ ᠤᠯᠠᠰᠢᠷᠠᠨ ᠭᠤᠷᠠᠯ ᠷᠠᠰᠠᠩ ᠰᠦᠭᠯᠡᠭᠳᠡᠵᠦ᠂ ᠱᠠᠰᠢᠨ ᠤ ᠦᠢᠯᠡ ᠠᠵᠢᠯᠯᠠᠭ᠎ᠠ ᠦᠷᠭᠦᠯᠵᠢᠯᠡᠨ ᠪᠠᠭᠠᠷᠢᠨᠴᠤᠤᠯ ᠤᠨ ᠤᠶᠤᠨ ᠰᠠᠨᠠᠭ᠎ᠠ᠂ ᠰᠤᠶᠤᠯ᠂ ᠠᠮᠢᠳᠤᠷᠠᠯ ᠢ ᠭᠦᠨ᠎ᠡ ᠨᠦᠯᠦᠭᠡᠯᠡᠵᠡᠢ᠃ |