摘要 |
ᠰᠡᠴᠡᠨ ᠬᠠᠨ ᠠᠢ᠌ᠮᠠᠭ ᠪᠤᠯ ᠲᠠᠶᠤᠨ ᠬᠠᠭᠠᠨ ᠤ ᠤᠳᠬᠤᠨ ᠬᠦᠪᠡᠭᠦᠨ ᠭᠡᠷᠡᠰᠡᠨᠵᠡ ᠶᠢᠨ ᠳᠦᠷᠪᠡᠳᠦᠭᠡᠷ ᠬᠦᠪᠡᠭᠦᠨ ᠠᠮᠢᠨ ᠳᠤᠷᠬᠠᠯ ᠨᠤᠶᠠᠨ ᠤ ᠬᠤᠢ᠌ᠴᠢᠰ ᠤᠨ ᠨᠤᠶᠠᠯᠠᠯ ᠳᠤᠤᠷᠠᠬᠢ ᠠᠷᠤ ᠬᠠᠯᠬ᠎ᠠ ᠶᠢᠨ ᠭᠤᠷᠪᠠᠨ ᠲᠤᠮᠤ ᠪᠦᠯᠦᠭᠯᠡᠯ ᠦᠨ ᠨᠢᠭᠡ᠃ ᠠᠮᠢᠨ ᠳᠤᠷᠬᠠᠯ ᠪᠠ ᠲᠡᠭᠦᠨ ᠦ ᠬᠦᠪᠡᠭᠦᠨ ᠦ ᠦᠶ᠎ᠡ ᠳᠦ ᠂ ᠬᠠᠨ ᠠᠢ᠌ᠮᠠᠭ ᠤᠨ ᠨᠤᠲᠤᠭ ᠳᠡᠪᠢᠰᠭᠡᠷ ᠭᠡᠷᠦᠯᠦᠨ ᠮᠦᠷᠡᠨ ᠦ ᠳᠡᠭᠡᠳᠦ ᠤᠷᠤᠰᠬᠠᠯ ᠬᠦᠷᠲᠡᠯ᠎ᠡ ᠦᠷᠭᠡᠳᠴᠦ᠂ 17᠋ ᠳᠤᠭᠠᠷ ᠵᠠᠭᠤᠨ ᠤ ᠳᠤᠮᠠᠴᠢ ᠪᠠᠷ ᠰᠡᠯᠡᠩᠭᠡ᠂ ᠤᠷᠬᠤᠨ ᠭᠤᠤᠯ ᠳᠠᠭᠠᠤ ᠨᠤᠲᠤᠭᠯᠠᠵᠤ ᠪᠠᠢ᠌ᠵᠠᠢ᠃ ᠲᠤᠰ ᠦᠭᠦᠯᠡᠯ ᠳᠦ 《1636—1654 ᠣᠨ ᠤ ᠣᠷᠤᠰ᠂ ᠮᠣᠩ᠋ᠭᠤᠯ ᠤᠨ ᠬᠠᠷᠢᠴᠠᠭᠠᠨ ᠤ ᠰᠤᠷᠪᠤᠯᠵᠢᠰ ᠤᠨ ᠡᠮᠬᠢᠳᠭᠡᠯ》ᠵᠡᠷᠭᠡ ᠣᠷᠤᠰ ᠮᠩ᠋ᠭᠤᠯ ᠳᠠᠩᠰᠠ ᠪᠠ ᠳᠠᠢ᠌ᠴᠢᠩ ᠭᠦᠷᠦᠨ ᠦ ᠬᠢᠲᠠᠳ ᠤᠷᠪᠤᠯᠵᠢᠰ ᠢ ᠠᠰᠢᠭᠯᠠᠨ᠂ 17᠋ ᠳᠤᠭᠠᠷ ᠵᠠᠭᠤᠨ ᠤ ᠡᠴᠦᠰ᠂1691 ᠣᠨ ᠤ ᠬᠤᠰᠢᠭᠤ ᠴᠢᠭᠤᠯᠭ᠎ᠠ ᠪᠠᠢ᠌ᠭᠤᠯᠬᠤ ᠠᠴᠠ ᠡᠮᠦᠨᠡᠬᠢ ᠰᠡᠴᠡᠨ ᠬᠠᠨ ᠠᠢ᠌ᠮᠠᠭ ᠤᠨ ᠨᠤᠲᠤᠭ ᠤᠰᠤᠨ ᠳᠤ ᠰᠢᠨᠵᠯᠡᠯ ᠬᠢᠪᠡ᠃ |