题名 |
ᠲᠤᠭᠤᠷᠪᠢᠭᠴᠢ ᠶᠢᠨ ᠪᠠᠯᠠᠷᠠᠯ᠄ ᠰᠡᠭᠡᠭᠡᠳᠡᠨ ᠢ ᠦᠭᠡᠷᠡᠴᠢᠯᠡᠬᠦ ᠬᠦᠳᠡᠯᠭᠡᠭᠡᠨ — ᠤᠳᠤ ᠦᠶ᠎ᠡ ᠶᠢᠨ ᠮᠤᠩᠭ᠋ᠤᠯ ᠤᠳᠬ᠎ᠠ ᠵᠤᠬᠢᠶᠠᠯ ᠤᠨ ᠤᠨᠤᠰᠢᠯᠠᠬᠤ ᠰᠤᠳᠤᠯᠤᠯ (ᠲᠠᠪᠤ) |
作者 |
ᠶ • ᠴᠠᠭᠠᠨᠮᠦ᠋ᠷᠡᠨ |
关键词 |
ᠤᠳᠤ ᠦᠶ᠎ᠡ ᠶᠢᠨ ᠮᠤᠩᠭ᠋ᠤᠯ ᠤᠳᠬ᠎ᠠ ᠵᠤᠬᠢᠶᠠᠯ; ᠰᠡᠭᠡᠭᠡᠳᠡᠨ ᠢ ᠦᠭᠡᠷᠡᠴᠢᠯᠡᠬᠦ ᠬᠦᠳᠡᠯᠭᠡᠭᠡᠨ; ᠲᠤᠭᠤᠷᠪᠢᠭᠴᠢ ᠶᠢᠨ ᠪᠠᠯᠠᠷᠠᠯ |
摘要 |
ᠤᠳᠤ ᠦᠶ᠎ᠡ ᠶᠢᠨ ᠮᠤᠩᠭ᠋ᠤᠯ ᠤᠳᠬ᠎ᠠ ᠵᠤᠬᠢᠶᠠᠯ (ᠰᠢᠨ᠎ᠡ ᠡᠷᠢᠨ ᠬᠦᠷᠳᠡᠯ᠎ᠡ) ᠳᠤ ᠢᠯᠡᠷᠡᠭᠰᠡᠨ《ᠭᠡᠮ》 ᠤᠳ ᠤᠨ ᠨᠢᠭᠡ ᠪᠤᠯᠬᠤ — ᠰᠡᠭᠡᠭᠡᠳᠡᠨ ᠢ ᠦᠭᠡᠷᠡᠴᠢᠯᠡᠬᠦ ᠬᠦᠳᠡᠯᠭᠡᠭᠡᠨ ᠨᠢ《ᠰᠤᠷᠤᠯᠴᠠᠭᠤᠯᠬᠤ — ᠪᠠᠭᠤᠯᠭᠠᠬᠤ — ᠡᠰᠡᠷᠭᠦᠴᠡᠬᠦ》ᠭᠡᠬᠦ ᠭᠤᠷᠪᠠᠨ ᠠᠯᠬᠤᠮ ᠶᠢᠡᠷ ᠶᠠᠪᠤᠭᠳᠠᠵᠤ᠂ ᠲᠡᠷᠡ ᠨᠢ ᠤᠳᠤ ᠦᠶ᠎ᠡ ᠶᠢᠨ ᠬᠤᠪᠢᠰᠬᠠᠯ ᠤᠨ ᠱᠠᠭᠠᠷᠳᠠᠯᠭ᠎ᠠ ᠪᠡᠷ ᠶᠠᠪᠤᠭᠳᠠᠭᠰᠠᠨ ᠤᠯᠤᠰ ᠲᠦᠷᠦ ᠶᠢᠨ ᠬᠠᠨᠳᠤᠯᠭ᠎ᠠ ᠪᠠ ᠵᠤᠷᠢᠯᠭ᠎ᠠ ᠲᠠᠢ ᠤᠯᠤᠰᠴᠢ ᠴᠢᠨᠠᠷ ᠲᠠᠢ ᠲᠤᠮᠤ ᠬᠦᠳᠡᠯᠭᠡᠭᠡᠨ ᠪᠠᠢ᠌ᠵᠤ᠂ ᠠᠷᠤ ᠳᠤᠨᠢ ᠬᠤᠪᠢᠰᠬᠠᠯ᠂ ᠠᠷᠠᠳ ᠲᠦᠮᠡᠨ᠂ ᠨᠡᠢ᠌ᠭᠡᠮ ᠵᠢᠷᠤᠮ ᠭᠡᠰᠡᠨ ᠯᠤᠳᠤ ᠶᠡᠬᠡ ᠲᠦᠰᠢᠭ ᠲᠤᠯᠭᠠᠭᠤᠷᠢᠯᠠᠵᠤ ᠪᠠᠢ᠌ᠭᠰᠠᠨ ᠤᠴᠢᠷ ᠡᠴᠡ ᠲᠤᠬᠠᠢ ᠶᠢᠨ ᠬᠤᠪᠢᠰᠬᠠᠯᠳᠤ ᠴᠠᠭ ᠦᠶ᠎ᠡ ᠳᠤ ᠵᠦᠪ ᠶᠤᠰᠤᠨ ᠤ ᠬᠢ ᠪᠡᠷ ᠲᠠᠨᠢᠭᠳᠠᠭᠰᠠᠨ ᠪᠦᠭᠡᠳ ᠠᠯᠭᠤᠷ ᠶᠢᠡᠷ ᠵᠤᠬᠢᠶᠠᠨ ᠪᠦᠳᠦᠭᠡᠬᠦ ᠪᠡᠶᠡᠴᠢ ᠴᠤᠭᠴᠠ ᠶᠢᠨ ᠴᠢᠭ᠍ᠯᠡᠯ ᠬᠠᠨᠳᠤᠰᠢ ᠶᠢ ᠡᠵᠡᠮᠳᠡᠭᠰᠡᠨ ᠡᠴᠡ ᠤᠳᠬ᠎ᠠ ᠵᠤᠬᠢᠶᠠᠯ ᠳᠡᠬᠢ ᠤᠯᠤᠰ ᠲᠦᠷᠦ ᠶᠢᠨ《ᠭᠡᠮ》ᠪᠤᠯᠤᠨ ᠦᠯᠡᠳᠡᠵᠦ᠂ ᠲᠤᠭᠤᠷᠪᠢᠭᠴᠢ ᠪᠡᠶ᠎ᠡ ᠶᠢᠨ ᠷᠤᠯᠯᠸ ᠶᠢ ᠪᠠᠯᠠᠷᠠᠭᠤᠯᠤᠭᠰᠠᠨ ᠶᠤᠮ᠃ |
原文 |
查看原文
|
出自 |
中国蒙古学
2013年
第5期
|