摘要 |
ᠲᠠᠯᠳᠠ ᠵᠦᠢᠷᠯᠡᠯ ᠪᠤᠯ ᠬᠦᠮᠦᠨ ᠲᠦᠷᠦᠯᠬᠢᠳᠡᠨ ᠤ ᠦᠭᠡ ᠬᠡᠯᠡᠨ ᠤ ᠵᠠᠩᠰᠢᠯ ᠠᠮᠢᠳᠤᠷᠠᠯ ᠠᠬᠤᠢ ᠲᠠᠢ ᠰᠠᠯᠤᠰᠢ ᠦᠭᠡᠢ ᠬᠠᠷᠢᠴᠠᠭ᠎ᠠ ᠲᠠᠢ ᠵᠦᠢᠯ ᠪᠤᠯᠤᠨ᠎ᠠ᠃ ᠮᠤᠩᠭ᠋ᠤᠯᠴᠤᠳ ᠤᠨ ᠤᠯᠠᠮᠵᠢᠯᠠᠯᠳᠤ ᠰᠤᠶᠤᠯ ᠳᠤ ᠬᠡᠳᠦᠢ᠌ᠪᠡᠷ ᠲᠠᠯᠳᠠ ᠰᠤᠶᠤᠯ ᠭᠡᠳᠡᠭ ᠨᠡᠷ᠎ᠡ ᠲᠤᠮᠢᠶ᠎ᠠ ᠪᠠᠢ᠌ᠭᠰᠠᠨ ᠦᠭᠡᠢ ᠪᠤᠯᠪᠠᠴᠤ ᠪᠢᠳᠡᠨ ᠤ ᠡᠪᠦᠭᠡ ᠲᠡᠭᠡᠳᠦᠰ ᠡᠨᠡ ᠬᠦ ᠠᠷᠭ᠎ᠠ ᠬᠡᠯᠪᠡᠷᠢ ᠶᠢ ᠤᠬᠠᠮᠰᠠᠷ ᠲᠠᠢ ᠪᠤᠶᠤ ᠤᠬᠠᠮᠰᠠᠷ ᠦᠭᠡᠢ ᠪᠠᠢ᠌ᠳᠠᠯ ᠲᠤᠤᠷ᠎ᠠ ᠦᠪᠡᠷᠰᠡᠳ ᠤᠨ ᠠᠮᠢᠳᠤᠷᠠᠯ ᠠᠬᠤᠢ᠂ ᠤᠷᠠᠨ ᠪᠦᠳᠦᠭᠡᠯ ᠳᠡᠭᠡᠨ ᠠᠶᠠᠨᠳᠠᠭᠠᠨ ᠴᠢᠳᠠᠮᠠᠭᠠᠢ ᠬᠡᠷᠡᠭᠯᠡᠭᠰᠡᠭᠡᠷ ᠢᠷᠡᠵᠡᠢ᠃ ᠦᠭᠦᠯᠡᠯ ᠳᠤ᠂ ᠭᠤᠤᠯᠳᠠᠭᠤ ᠮᠤᠩᠭ᠋ᠤᠯ ᠵᠦᠢᠷ ᠰᠡᠴᠡᠨ ᠦᠭᠡ ᠲᠠᠢ ᠤᠶᠠᠯᠳᠤᠭᠤᠯᠤᠨ ᠮᠤᠩᠭ᠋ᠤᠯᠴᠤᠳ ᠤᠨ ᠲᠠᠯᠳᠠ ᠵᠦᠢᠷᠯᠡᠯ ᠤᠨ ᠰᠤᠶᠤᠯ ᠵᠠᠩᠰᠢᠯ ᠢ ᠰᠦᠪᠡᠭ᠍ᠴᠢᠯᠡᠨ ᠲᠠᠢ᠌ᠯᠪᠤᠷᠢᠯᠠᠬᠤ ᠶᠢ ᠵᠤᠷᠢᠪᠠ᠃ |