题名 |
ᠮᠣᠩᠭᠣᠯ ᠬᠡᠯᠡᠨ ᠦ ᠦᠭᠦᠯᠡᠪᠦᠷᠢ ᠶᠢᠨ ᠭᠡᠰᠢᠭᠦᠳ ᠤᠨ ᠪᠠᠢ᠌ᠢᠷᠢ ᠰᠢᠯᠵᠢᠬᠦ ᠦᠵᠡᠭᠳᠡᠯ ᠤᠨ ᠦᠵᠡᠭᠦᠯᠭᠦ ᠦᠢᠯᠡᠳᠦᠯ |
作者 |
ᠡ ᠂ ᠪᠤᠶᠠᠨᠨ᠋ᠦ᠋ᠯᠵᠠᠢ |
关键词 |
ᠦᠭᠦᠯᠡᠪᠦᠷᠢ ᠶᠢᠨ ᠭᠡᠰᠢᠭᠦᠳ ᠤᠨ ᠪᠠᠢ᠌ᠢᠷᠢ ᠰᠢᠯᠵᠢᠬᠦ ᠦᠵᠡᠭᠳᠡᠯ ;ᠦᠭᠦᠯᠡᠮᠵᠢ; ᠦᠭᠦᠯᠡᠭᠳᠡᠬᠦᠢ; ᠦᠭᠦᠯᠡᠬᠦᠢ; ᠰᠢᠨ᠎ᠡ ᠮᠡᠳᠡᠭᠡ ᠵᠠᠩᠭᠢ; ᠬᠠᠭᠤᠴᠢᠨ ᠮᠡᠳᠡᠭᠡ ᠵᠠᠩᠭᠢ; ᠰᠢᠰᠲ᠋ᠸᠮᠲᠤ ᠴᠢᠳᠡᠮᠵᠢ ᠬᠡᠯᠡ ᠵᠦᠢ |
摘要 |
ᠳᠤᠰ ᠥᠭᠥᠯᠡᠯ ᠳᠤ ᠬᠡᠯᠡ ᠶᠢ ᠤᠳᠬ᠎ᠠ ᠶᠢᠨ ᠰᠤᠳᠤᠯᠤᠯ᠂ ᠦᠭᠦᠯᠡᠪᠦᠷᠢ ᠶᠢᠨ ᠰᠤᠳᠤᠯᠤᠯ᠂ ᠬᠡᠯᠡᠨ ᠦ ᠬᠡᠷᠡᠭᠯᠡᠭᠡᠨ ᠦ ᠰᠤᠳᠤᠯᠤᠯ ᠭᠡᠵᠦ ᠭᠤᠷᠪᠠᠨ ᠲᠦᠪᠰᠢᠨ ᠳᠤ ᠨᠢᠭᠡᠳᠬᠡᠨ ᠰᠤᠳᠤᠯᠬᠤ ᠳᠤ ᠴᠢᠭᠯᠡᠭᠦᠯᠦᠨ ᠮᠣᠩᠭᠣᠯ ᠬᠡᠯᠡᠨ ᠦ ᠦᠭᠦᠯᠡᠪᠦᠷᠢ ᠶᠢᠨ ᠭᠡᠰᠢᠭᠦᠳ ᠤᠨ ᠪᠠᠢ᠌ᠷᠢ ᠰᠢᠯᠵᠢᠬᠦ ᠦᠵᠡᠭᠳᠡᠯ ᠤᠨ ᠦᠵᠡᠭᠦᠯᠭᠦ ᠦᠢᠯᠡᠳᠦᠯ ᠢ ᠭᠤᠤᠯᠳᠠᠭᠤ ᠬᠡᠯᠡᠨ ᠦ ᠬᠡᠷᠡᠭᠯᠡᠨ ᠦ ᠡᠭᠦᠳᠡᠨ ᠡᠴᠡ ᠰᠢᠨᠵᠢᠯᠡᠵᠤ ᠪᠢᠯᠡ᠃ ᠡᠭᠦᠨ ᠳᠤ ᠪᠠᠢ᠌ᠷᠢ ᠰᠢᠯᠵᠢᠭᠦᠯᠦᠨ ᠪᠡᠢ᠌ᠷᠢᠰᠢᠭᠤᠯᠤᠭᠰᠠᠨ ᠬᠡᠰᠢᠭᠦᠳ ᠶᠢᠨᠨ ᠣᠨᠴᠠᠯᠠᠨ ᠲᠤᠪᠤᠢ᠌ᠯᠭᠠᠬᠤ᠂ ᠰᠢᠨ᠎ᠡ ᠮᠡᠳᠡᠭᠡ ᠵᠠᠩᠬᠢ ᠪᠤᠶᠤ ᠭᠤᠯᠯᠠᠬᠤᠢ ᠶᠢ ᠲᠤᠪᠤᠢ᠌ᠯᠭᠠᠬᠤ᠂ ᠦᠭᠦᠯᠡᠭᠳᠡᠬᠦᠢ ᠪᠤᠯᠭᠠᠬᠤ ᠪᠤᠶᠤ ᠦᠭᠦᠯᠡᠭᠳᠡᠬᠦᠢ ᠪᠡᠨ ᠨᠢᠭᠡᠳᠦᠯᠲᠡᠢ ᠪᠤᠯᠭᠠᠬᠤ ᠪᠠ ᠦᠭᠦᠯᠡᠨᠵᠢ ᠶᠢ ᠬᠡᠯᠬᠢᠨ ᠬᠤᠯᠪᠤᠵᠤ᠂ ᠵᠡᠷᠭᠡᠴᠡᠭᠦᠯᠦᠨ ᠦᠵᠡᠭᠦᠯᠬᠦ᠂ ᠲᠤᠯᠤᠭᠠᠢ ᠬᠤᠯᠪᠤᠵᠤ ᠬᠡᠮ ᠵᠤᠬᠢᠴᠠᠭᠤᠯᠬᠤ ᠵᠡᠷᠭᠡ ᠦᠢᠯᠡᠳᠦᠯ ᠲᠠᠢ ᠪᠠᠢ᠌ᠨ᠎ᠠ᠃ ᠡᠳᠡᠭᠡᠷ ᠦᠢᠯᠡᠳᠦᠯ ᠨᠢ ᠲᠤᠬᠢᠶᠠᠯᠳᠤᠯ ᠪᠤᠯᠭᠠᠨ ᠳᠤ ᠲᠤᠰᠭ᠋᠋ᠠᠷ ᠨᠢᠭᠡᠯᠬᠡᠨ ᠦᠢᠯᠡᠳᠦᠯ ᠲᠠᠢ ᠬᠡᠷᠡᠭᠯᠡᠭᠳᠡᠬᠦ ᠪᠢᠰᠢ ᠂ ᠬᠠᠷᠢᠨ ᠤᠯᠠᠩᠬᠢ ᠲᠤᠬᠢᠶᠠᠯᠳᠤᠯ ᠳᠤ ᠬᠡᠳᠦ ᠬᠡᠳᠦᠨ ᠦᠢᠯᠡᠳᠦᠯ ᠢ ᠨᠢᠭᠡ ᠦᠭᠦᠯᠡᠪᠦᠷᠢ ᠳᠤ ᠵᠡᠷᠭᠡ ᠳᠤᠨᠢ ᠦᠵᠡᠭᠦᠯᠵᠦ ᠪᠠᠢ᠌ᠳᠠᠭ ᠭᠡᠵᠦ ᠦᠵᠡᠵᠡᠢ᠃ |
原文 |
查看原文
|
出自 |
蒙古学研究
2006年
第3期
|