题名 |
ᠰ᠂ ᠪᠤᠶᠠᠨᠨᠡᠮᠡᠬᠦ ᠶᠢᠨ ᠬᠤᠯᠪᠤᠭ᠎ᠠ᠂ ᠰᠢᠯᠦᠭ ᠦᠨ ᠢᠯᠭᠠᠭ᠎ᠠ ᠶᠢᠨ ᠲᠤᠬᠠᠢ ᠦᠵᠡᠯᠲᠡ ᠶᠢ ᠲᠤᠪᠴᠢ ᠦᠭᠦᠯᠡᠬᠦ ᠨᠢ |
作者 |
ᠴᠤᠭᠲᠤ |
关键词 |
ᠰ᠂ ᠪᠤᠶᠠᠨᠨᠡᠮᠡᠬᠦ; ᠬᠤᠯᠪᠤᠭ᠎ᠠ; ᠰᠢᠯᠦᠭ; ᠢᠯᠭᠠᠭ᠎ᠠ |
摘要 |
ᠮᠤᠨᠭᠭᠤᠯ ᠤᠯᠤᠰ ᠤᠨ ᠠᠯᠳᠠᠷᠲᠤ ᠵᠤᠬᠢᠶᠠᠯᠴᠢ᠂ ᠤᠳᠬ᠎ᠠ ᠵᠤᠬᠢᠶᠠᠯ ᠤᠨ ᠤᠨᠤᠯᠴᠢ᠂ ᠨᠡᠶᠢᠭᠡᠮ ᠰᠤᠶᠤᠯ ᠤᠨ ᠨᠡᠷᠡᠲᠦ ᠵᠢᠳᠭᠦᠯᠲᠡᠨ ᠰᠤᠨᠤᠮᠪᠠᠯᠵᠤᠤᠷ ᠤᠨ ᠪᠤᠶᠠᠨᠨᠡᠮᠡᠬᠦ ᠶᠢᠨ 《〈ᠬᠤᠯᠪᠤᠭ᠎ᠠ ᠰᠢᠯᠦᠭ ᠦᠨ ᠴᠤᠮᠤᠷᠯᠢᠭ〉᠋ ᠤᠨ ᠤᠷᠤᠰᠢᠯ》᠋ ᠳᠠᠬᠢ ᠬᠤᠯᠪᠤᠭ᠎ᠠ ᠰᠢᠯᠦᠭ ᠦᠨ ᠢᠯᠭᠠᠭ᠎ᠠ ᠶᠢᠨ ᠲᠤᠬᠠᠢ ᠲᠤᠪᠴᠢ ᠦᠭᠦᠯᠡᠮᠵᠢ ᠶᠢ ᠦᠪᠦᠷ ᠮᠤᠨᠭᠭᠤᠯ ᠤᠨ ᠠᠯᠳᠠᠷᠲᠤ ᠰᠢᠯᠦᠭᠴᠢ᠂ ᠤᠳᠬ᠎ᠠ ᠵᠤᠬᠢᠶᠠᠯ ᠤᠨ ᠤᠨᠤᠯᠴᠢ ᠪ᠂ ᠪᠦᠷᠢᠨᠪᠡᠬᠢ ᠶᠢᠨ ᠬᠤᠯᠪᠤᠭ᠎ᠠ ᠰᠢᠯᠦᠭ ᠦᠨ ᠢᠯᠭᠠᠭ᠎ᠠ ᠶᠢᠨ ᠲᠤᠬᠠᠢ ᠦᠭᠦᠯᠡᠵᠵᠢ ᠯᠦᠭᠡ ᠬᠠᠷᠢᠴᠠᠭᠤᠯᠤᠨ ᠦᠵᠡᠬᠦ ᠳᠦ ᠠᠳᠠᠯᠢᠰᠢᠶᠠᠬᠤ ᠲᠠᠯ᠎ᠠ ᠪᠤᠢ᠃ ᠰ᠂ ᠪᠤᠶᠠᠨᠨᠡᠮᠡᠬᠦ ᠶᠢᠨ ᠬᠤᠯᠪᠤᠭ᠎ᠠ ᠰᠢᠯᠦᠭ ᠦᠨ ᠢᠯᠭᠠᠭ᠎ᠠ ᠶᠢᠨ ᠲᠤᠬᠠᠢ ᠦᠭᠦᠯᠡᠮᠵᠢ ᠨᠢ ᠲᠤᠩ ᠴᠢᠬᠤᠯᠠ ᠠᠴᠢ ᠬᠤᠯᠪᠤᠭᠳᠠᠯ ᠲᠠᠢ᠃ ᠲᠡᠭᠦᠨ ᠦ ᠡᠨᠡ ᠬᠦ ᠦᠭᠦᠯᠡᠮᠵᠢ ᠨᠢ ᠡᠷᠳᠡᠮᠲᠡᠨ ᠸᠠᠩ ᠮᠠᠨᠳᠤᠭ᠎ᠠ ᠬᠢᠭᠡᠳ ᠳ᠋᠂ ᠴᠠᠳᠠᠪ ᠬᠤᠶᠠᠷ ᠤᠨ ᠬᠡᠪᠯᠡᠭᠦᠯᠦᠭᠰᠡᠨ 《ᠰᠤᠨᠤᠮᠪᠠᠯᠵᠤᠤᠷ ᠤᠨ ᠪᠤᠶᠠᠨᠨᠡᠮᠡᠬᠦ (1—4)》᠋ ᠪᠠᠷ ᠳᠠᠮᠵᠢᠨ ᠨᠠᠶᠢᠲᠠ ᠤᠯᠠᠨ ᠤ ᠬᠦᠷᠲᠡᠭᠡᠯ ᠪᠤᠯᠵᠤ ᠴᠢᠳᠠᠪᠠ᠃ ᠡᠷᠳᠡᠮ ᠰᠢᠨᠵᠢᠯᠡᠭᠡᠨ ᠦ ᠲᠠᠯ᠎ᠠ ᠪᠠᠷ ᠬᠤᠶᠠᠷ ᠤᠯᠤᠰ ᠭᠦᠷᠦᠨ ᠦ ᠡᠷᠳᠡᠮᠲᠡᠳ ᠬᠠᠷᠢᠯᠴᠠᠨ ᠬᠠᠮᠲᠤᠷᠠᠨ ᠠᠵᠢᠯᠯᠠᠬᠤ ᠪᠤᠯ ᠲᠤᠩ ᠴᠢᠬᠤᠯᠠ᠃ ᠤᠯᠤᠰ ᠭᠦᠷᠦᠨ ᠦ ᠬᠡᠪᠴᠢᠶᠡᠨ ᠳᠦ ᠬᠠᠮᠲᠤᠷᠠᠨ ᠠᠵᠢᠯᠯᠠᠵᠤ᠂ ᠳᠠᠪᠠᠭᠤᠯᠢᠭ ᠢᠶᠠᠨ ᠭᠦᠢᠴᠡᠳ ᠪᠠᠳᠠᠷᠠᠭᠤᠯᠪᠠᠯ ᠨᠡᠩ ᠰᠠᠶᠢᠨ ᠠᠮᠵᠢᠯᠲᠠ ᠪᠦᠲᠦᠭᠡᠯ ᠭᠠᠷᠭᠠᠵᠤ ᠪᠤᠯᠬᠤ ᠶᠢ 《ᠰᠤᠨᠤᠮᠪᠠᠯᠵᠤᠤᠷ ᠤᠨ ᠪᠤᠶᠠᠨᠨᠡᠮᠡᠬᠦ (1—4)》ᠨᠤᠮ ᠭᠦᠢᠴᠡᠳ ᠭᠡᠷᠡᠴᠢᠯᠡᠪᠡ᠃ |
原文 |
查看原文
|
出自 |
中国蒙古学
2010年
第6期
|