摘要 |
ᠬᠠᠭᠤᠷᠮᠠᠭ ᠮᠠᠨᠵᠤ ᠤᠯᠤᠰ ᠤᠨ ᠣᠨ ᠨᠤᠭᠤᠳ ᠲᠤ ᠵᠠᠯᠠᠢ᠌ᠳ ᠵᠠᠰᠠᠭ ᠪᠠᠳᠮᠠᠷᠠᠪᠳᠠᠨ ᠨᠢ ᠶᠢᠰᠦᠳᠦᠭᠡᠷ ᠴᠡᠷᠢᠭ ᠦᠨ ᠲᠤᠭᠤᠷᠢᠭ ᠤᠨ ᠰᠧᠯᠢᠩ᠂ ᠬᠢᠩ᠋ᠭᠠᠨ ᠬᠤᠷᠢᠶ᠎ᠠ ᠶᠢᠨ ᠶᠡᠷᠦᠩ᠋ᠬᠡᠢ᠌ᠯᠡᠨ ᠰᠢᠳᠭᠡᠭ᠍ᠴᠢ ᠨᠤᠶᠠᠨ ᠪᠠᠢ᠌ᠵᠤ᠂ ᠴᠡᠷᠢᠭ ᠵᠠᠰᠠᠭ ᠤᠨ ᠲᠠᠯ᠎ᠠ ᠪᠠᠷ ᠬᠠᠭᠤᠷᠮᠠᠭ ᠮᠠᠨᠵᠤ ᠶᠢᠨ ᠬᠠᠷᠢᠶᠠᠨ ᠳᠠᠬᠢ ᠮᠣᠩ᠋ᠭᠤᠯᠴᠤᠳ ᠤᠨ ᠬᠠᠮᠤᠭ ᠳᠡᠭᠡᠳᠦ ᠨᠤᠶᠠᠨ ᠪᠤᠯᠵᠠᠢ᠃ ᠲᠡᠭᠦᠨ ᠦ ᠨᠠᠮᠳᠠᠷ ᠨᠢ ᠬᠠᠭᠤᠷᠮᠠᠭ ᠮᠠᠨᠵᠤ ᠶᠢᠨ ᠮᠣᠩ᠋ᠭᠤᠯᠴᠤᠳ ᠤᠨ ᠲᠡᠦᠬᠡ ᠲᠡᠢ ᠰᠠᠯᠤᠰᠢ ᠦᠭᠡᠢ ᠬᠤᠯᠪᠤᠭ᠎ᠠ ᠲᠠᠢ ᠶᠤᠮ᠃ ᠦᠭᠦᠯᠡᠯ ᠳᠦ ᠰᠤᠶᠤᠯ ᠲᠡᠦᠬᠡᠨ ᠮᠠᠲ᠋ᠧᠷᠢᠶᠠᠯ᠂ ᠳᠠᠩᠰᠠ ᠡᠪᠬᠡᠮᠡᠯ ᠳᠦ ᠰᠠᠭᠤᠷᠢᠯᠠᠵᠤ ᠪᠠᠳᠮᠠᠷᠠᠪᠠᠳᠠᠨ ᠤ ᠲᠤᠪᠴᠢ ᠨᠠᠮᠳᠠᠷ ᠢ ᠨᠡᠯᠢᠶᠡᠳ ᠨᠠᠷᠢᠯᠢᠭ ᠮᠦᠷᠲᠡᠭᠡᠨ ᠣᠨᠣᠪᠴᠢᠲᠠᠢ ᠪᠤᠯᠭᠠᠬᠤ ᠶᠢᠨ ᠬᠠᠮᠲᠤ ᠲᠡᠭᠦᠨ ᠦ ᠮᠣᠩ᠋ᠭᠤᠯ ᠬᠤᠰᠢᠭᠤᠳ ᠤᠨ ᠰᠤᠷᠭᠠᠨ ᠬᠦᠮᠦᠵᠢᠯ ᠳᠦ ᠦᠵᠡᠭᠦᠯᠦᠭᠰᠡᠨ ᠦᠢᠯᠡᠳᠦᠯ ᠢ ᠭᠤᠤᠯᠴᠢᠯᠠᠨ ᠦᠭᠦᠯᠡᠪᠡ᠃ |