摘要 |
ᠦᠪᠦᠷ ᠮᠣᠩ᠋ᠭᠤᠯ ᠤᠨ ᠣᠷᠴᠢᠨ ᠣᠳᠣ ᠦᠶ᠎ᠡ ᠶᠢᠨ ᠤᠳᠬ᠎ᠠ ᠵᠤᠬᠢᠶᠠᠯᠴᠢᠳᠤᠨ ᠳᠤᠲᠤᠷ᠎ᠠ ᠬᠤᠷᠴᠢᠨ ᠨᠤᠲᠤᠭ ᠲᠠᠢ ᠪᠢᠴᠢᠭ᠌ ᠦᠨ ᠬᠦᠮᠦᠰ ᠪᠠᠬᠠᠨ ᠪᠠᠢ᠌ᠳᠠᠭ᠃ ᠪᠦᠬᠦᠢ᠌ᠯᠡ ᠨᠢᠭᠡᠨ ᠵᠠᠭᠤᠨ ᠤ ᠦᠨᠳᠦᠰᠦᠲᠡᠨ ᠦ ᠬᠡᠯᠡᠨ ᠦ ᠲᠦᠷᠦᠯᠬᠢ ᠤᠳᠬ᠎ᠠ ᠵᠤᠬᠢᠶᠠᠯ ᠢ ᠨᠦᠯᠦᠭᠡᠯᠡᠭᠰᠡᠨ ᠶᠡᠬᠡ ᠵᠤᠬᠢᠶᠠᠯᠴᠢᠳ ᠴᠦᠬᠡᠨ ᠦᠭᠡᠢ ᠭᠠᠷᠴᠠᠢ᠃ ᠲᠤᠰ ᠦᠭᠦᠯᠡᠯ ᠳᠦ ᠲᠡᠭᠦᠨ ᠦ ᠳᠤᠲᠤᠷᠠᠬᠢ ᠨᠡᠢ᠌ᠭᠡᠮ ᠦᠨ ᠨᠦᠯᠦᠭᠡ ᠳᠤᠰᠬᠠᠯ᠂ ᠲᠡᠦᠬᠡ ᠰᠤᠶᠤᠯ ᠤᠨ ᠪᠠᠢ᠌ᠷᠢ ᠰᠠᠭᠤᠷᠢ᠂ ᠵᠤᠬᠢᠶᠠᠯ ᠪᠦᠲᠦᠭᠡᠯ ᠦᠨ ᠴᠢᠨᠠᠷ ᠴᠢᠨᠰᠠᠭ᠎ᠠ᠂ ᠤᠷᠠᠯᠢᠭ ᠤᠨ ᠠᠮᠵᠢᠯᠲᠠ ᠪᠦᠲᠦᠮᠵᠢ ᠪᠤᠯᠨ ᠦᠨᠳᠦᠰᠦᠲᠡᠨ ᠦ ᠤᠳᠬ᠎ᠠ ᠵᠤᠬᠢᠶᠠᠯ ᠳᠤ ᠦᠵᠡᠭᠦᠯᠦᠭᠰᠡᠨ ᠭᠠᠪᠢᠶ᠎ᠠ ᠵᠢᠳᠭᠦᠯ ᠢᠶᠷ ᠬᠡᠰᠢᠩᠭᠡ᠂ ᠭᠡᠷᠡᠯᠴᠤᠭᠲᠤ᠂ ᠲᠤᠭᠠᠨᠰᠦ᠋ᠷᠦᠩ ᠢ ᠣᠨᠴᠠᠯᠠᠨ ᠦᠳᠡᠭᠡᠷᠬᠡᠵᠦ ᠭᠤᠤᠯᠴᠢᠯᠠᠨ ᠲᠠᠨᠢᠯᠴᠠᠭᠤᠯᠪᠠ᠃ |