摘要 |
1. ᠣᠳᠣ ᠦᠶ᠎ᠡ ᠶᠢᠨ ᠴᠠᠬᠠᠷ ᠠᠮᠠᠨ ᠠᠶᠠᠯᠭᠤ ᠪᠠᠷ ᠪᠠᠷᠢᠮᠵᠢᠶ᠎ᠠ ᠪᠤᠯᠭᠠᠭᠰᠠᠨ ᠮᠣᠩᠭ᠋ᠤᠯ ᠬᠡᠯᠡᠨ ᠦ ᠡᠷᠭᠦᠯᠲᠡ ᠲᠤᠭᠲᠠᠮᠠᠯ ᠨᠢᠭᠡᠳᠦᠭᠡᠷ ᠦᠶ᠎ᠡ ᠳᠡᠭᠡᠨ ᠪᠠᠢ᠌ᠳᠠᠭ ᠪᠢᠰᠢ᠃ 2. ᠮᠣᠩᠭ᠋ᠤᠯ ᠬᠡᠯᠡᠨ ᠦ ᠡᠷᠭᠦᠯᠲᠡ᠂ ᠦᠭᠡ ᠶᠢᠨ ᠡᠭᠡᠰᠢᠭ᠌ ᠨᠢ ᠪᠤᠭᠤᠨᠢ — ᠤᠷᠲᠤ ᠪᠠᠢ᠌ᠬᠤ ᠨᠦᠬᠦᠴᠡᠯ ᠳᠦ ᠡᠬᠢᠨ ᠦ ᠪᠤᠰᠤ ᠦᠶ᠎ᠡ ᠶᠢᠨ ᠤᠷᠲᠤ ᠡᠭᠡᠰᠢᠭ᠌ ᠳᠡᠭᠡᠷ᠎ᠡ ᠪᠠᠢ᠌ᠬᠤ ᠨᠢ ᠦᠨᠡᠨ ᠪᠤᠯᠪᠠᠴᠤ ᠡᠭᠡᠰᠢᠭ᠌ ᠨᠢ ᠪᠤᠭᠤᠨᠢ — ᠪᠤᠭᠤᠨᠢ᠂ ᠤᠷᠲᠤ — ᠤᠷᠲᠤ ᠪᠠᠢ᠌ᠬᠤ ᠨᠦᠬᠦᠴᠡᠯ ᠳᠦ ᠴᠦ ᠡᠬᠢᠨ ᠦ ᠪᠤᠰᠤ ᠦᠶ᠎ᠡ ᠶᠢ ᠡᠷᠭᠦᠯᠲᠡ ᠲᠡᠢ ᠬᠡᠯᠡᠬᠦ ᠶᠠᠪᠤᠳᠠᠯ ᠪᠤᠢ᠃ 3. ᠮᠣᠩᠭ᠋ᠤᠯ ᠬᠡᠯᠡᠨ ᠦ ᠠᠪᠢᠶᠠᠨ ᠤ ᠬᠦᠴᠦᠯᠡᠴᠡ ᠪᠡ ᠠᠪᠢᠶᠠᠨ ᠤ ᠠᠶᠠᠰ ᠨᠢ ᠶᠡᠷᠦ ᠶᠢᠨ ᠪᠠᠢ᠌ᠳᠠᠯ ᠳᠤ ᠵᠡᠷᠭᠡᠴᠡᠵᠦ ᠣᠷᠤᠰᠢᠳᠠᠭ ᠪᠤᠯᠪᠠᠴᠤ ᠵᠠᠷᠢᠮ ᠳᠠᠭᠠᠨ ᠰᠤᠯᠪᠢᠴᠠᠳᠠᠭ᠃ 4. ᠬᠦᠴᠦᠲᠡᠢ ᠬᠡᠯᠡᠬᠦ ᠦᠶ᠎ᠡ ᠶᠢᠨ ᠡᠭᠡᠰᠢᠭ᠌ ᠢ ᠪᠤᠰᠤᠳ ᠦᠶ ᠡ ᠶᠢᠨ ᠡᠭᠡᠰᠢᠭ᠌ ᠡᠴᠡ ᠪᠠᠭ᠎ᠠ ᠵᠡᠷᠭᠡ ᠤᠷᠲᠤ ᠬᠡᠯᠡᠳᠡᠭ ᠪᠤᠯᠪᠠᠴᠤ 《ᠨᠢᠭᠡ ᠳᠠᠬᠢᠨ》 ᠤᠷᠲᠤ ᠪᠤᠯᠬᠤ ᠶᠠᠪᠤᠳᠠᠯ ᠲᠤᠬᠢᠶᠠᠯᠳᠤᠭᠰᠠᠨ ᠦᠭᠡᠢ᠃ 5. ᠠᠪᠢᠶᠠᠨ ᠤ ᠬᠦᠴᠦᠯᠡᠴᠡ᠂ ᠠᠪᠢᠶᠠᠨ ᠤ ᠤᠷᠲᠤ ᠶᠢᠨ ᠬᠡᠮᠵᠢᠶ᠎ᠡ᠂ ᠠᠪᠢᠶᠠᠨ ᠤ ᠦᠨᠳᠦᠷ ᠨᠠᠮ ᠵᠡᠷᠭᠡ ᠶᠢ ᠹᠢᠽᠢᠺ ᠤᠨ ᠲᠠᠯ᠎ᠠ ᠪᠠᠷ ᠨᠠᠷᠢᠨ ᠢᠯᠭᠠᠨ ᠬᠡᠮᠵᠢᠵᠦ ᠲᠤᠭ᠎ᠠ ᠪᠠᠷᠢᠮᠲᠠ ᠭᠠᠷᠭᠠᠵᠤ ᠪᠤᠯᠬᠤ ᠪᠤᠯᠪᠠᠴᠤ ᠬᠠᠮᠤᠭ ᠤᠨ ᠴᠢᠬᠤᠯᠠ ᠨᠢ ᠬᠦᠮᠦᠨ ᠦ ᠰᠤᠨᠤᠰᠴᠤ ᠢᠯᠭᠠᠬᠤ ᠶᠠᠪᠤᠳᠠᠯ ᠮᠦᠨ ᠪᠤᠯᠬᠤ ᠶᠢ ᠳᠠᠮᠵᠢᠭ ᠦᠭᠡᠢ᠃ |