摘要 |
ᠠᠺᠠᠳ᠋ᠧᠮᠢᠴᠢ ᠴ᠂ ᠳᠠᠨᠳᠢᠨᠰᠦᠶ᠍ᠷᠦᠩ ᠤᠨ 《ᠲᠡᠭᠷᠢ ᠶᠢᠨ ᠳᠠᠬᠢᠨᠢ ᠶᠢᠨ ᠦᠯᠢᠭᠡᠷ》᠋ ᠤᠨ ᠲᠤᠬᠠᠢ ᠬᠠᠷᠢᠴᠠᠭᠤᠯᠤᠭᠰᠠᠨ ᠰᠤᠳᠤᠯᠤᠯ ᠨᠢ ᠮᠤᠨᠭᠭᠤᠯ ᠠᠷᠠᠳ ᠤᠨ ᠶᠠᠪᠠᠭᠠᠨ ᠦᠯᠢᠭᠡᠷ ᠦᠨ ᠬᠡᠪ ᠰᠢᠨᠵᠢ ᠶᠢᠨ ᠰᠤᠳᠤᠯᠭᠠᠨ ᠤ ᠲᠦᠯᠦᠭᠡᠯᠡᠭᠴᠢ ᠪᠦᠲᠦᠭᠡᠯ ᠪᠤᠯᠬᠤ ᠶᠤᠮ᠃ ᠴ᠂ ᠳᠠᠮᠳᠢᠨᠰᠦᠶ᠍ᠷᠦᠩ ᠡᠴᠡ ᠳᠡᠯᠡᠬᠡᠢ ᠨᠡᠶᠢᠲᠡ ᠶᠢᠨ ᠬᠡᠪ ᠰᠢᠨᠵᠢᠲᠦ ᠦᠯᠢᠭᠡᠷ ᠪᠤᠯᠬᠤ — 《ᠲᠡᠭᠷᠢ ᠶᠢᠨ ᠳᠠᠬᠢᠨᠢ ᠶᠢᠨ ᠦᠯᠢᠭᠡᠷ》᠋ ᠢ ᠰᠤᠳᠤᠯᠬᠤ ᠳᠠᠭᠠᠨ ᠶᠠᠪᠠᠭᠠᠨ ᠦᠯᠢᠭᠡᠷ ᠦᠨ ᠬᠡᠪ ᠰᠢᠨᠵᠢ ᠶᠢᠨ ᠡᠭᠦᠳᠡᠨ ᠡᠴᠡ ᠰᠤᠯᠤᠩ᠋ᠭᠤᠰ᠂ ᠬᠢᠲᠠᠳ᠂ ᠮᠠᠨᠵᠤ᠂ ᠬᠠᠰᠠᠭ᠂ ᠢᠨᠳᠦᠶ᠍ᠨᠢᠰᠢᠶᠠ᠂ ᠬᠦᠷᠵᠢ᠂ ᠤᠷᠤᠰ ᠵᠡᠷᠭᠡ ᠤᠯᠤᠰ ᠦᠨᠳᠦᠰᠦᠲᠡᠨ ᠦ ᠦᠯᠢᠭᠡᠷ ᠦᠨ ᠬᠤᠪᠢᠯᠪᠤᠷᠢ ᠨᠤᠭᠤᠳ ᠲᠠᠢ ᠬᠠᠷᠢᠴᠠᠭᠤᠯᠤᠭᠰᠠᠨ ᠢᠶᠠᠷ ᠵᠤᠭᠰᠤᠬᠤ ᠦᠭᠡᠢ ᠨᠡᠩ ᠴᠠᠭᠠᠰᠢᠲᠠ ᠠᠷᠨᠧ — ᠳᠤᠮᠫᠰᠤᠨ ᠤ 《ᠶᠠᠪᠠᠭᠠᠨ ᠦᠯᠢᠭᠡᠷ ᠦᠨ ᠬᠡᠪ ᠰᠢᠨᠵᠢ ᠶᠢᠨ ᠲᠤᠪᠶᠤᠭ》᠋ᠲᠤ ᠤᠷᠤᠭᠰᠠᠨ ᠡᠸᠦᠶᠢᠷᠦᠫᠡ ᠳᠠᠬᠢᠨ ᠤ 《ᠲᠡᠭᠷᠢ ᠶᠢᠨ ᠳᠠᠬᠢᠨᠢ ᠶᠢᠨ ᠦᠯᠢᠭᠡᠷ》᠋ ᠦᠨ ᠬᠤᠪᠢᠯᠪᠤᠷᠢ ᠨᠤᠭᠤᠳ ᠲᠠᠢ ᠬᠠᠷᠢᠴᠠᠭᠤᠯᠤᠭᠰᠠᠨ ᠶᠠᠪᠤᠳᠠᠯ ᠨᠢ ᠲᠤᠬᠠᠢ ᠶᠢᠨ ᠰᠤᠳᠤᠯᠭᠠᠨ ᠤ ᠡᠬᠡ ᠬᠡᠷᠡᠭᠯᠡᠭᠳᠡᠭᠦᠨ ᠨᠢ ᠲᠤᠶᠢᠯ ᠤᠨ ᠪᠠᠶᠠᠯᠢᠭ ᠪᠤᠯᠤᠭᠰᠠᠨ ᠭᠡᠳᠡᠭ ᠢ ᠬᠠᠷᠠᠭᠤᠯᠵᠤ ᠪᠤᠢ᠃ |