题名 |
《ᠭᠡᠰᠡᠷ ᠦᠨ ᠲᠤᠭᠤᠵᠢ》 ᠳᠠᠬᠢ ᠪᠤᠷᠬᠠᠨ ᠤ ᠵᠠᠷᠯᠢᠭ ᠤᠨ ᠤᠴᠢᠷ |
作者 |
ᠰᠡᠴᠡᠨᠪᠠᠲᠤ |
关键词 |
ᠭᠡᠰᠡᠷ ᠤᠨ ᠲᠤᠭᠤᠵᠢ; ᠪᠤᠷᠬᠠᠨ ᠤ ᠵᠠᠷᠯᠢᠭ; ᠭᠠᠨᠵᠤᠤᠷ; ᠦᠭᠡᠷᠡᠴᠢᠯᠡᠨ ᠨᠠᠢᠷᠠᠭᠤᠯᠬᠤ ᠠᠷᠭ᠎ᠠ ᠵᠠᠷᠴᠢᠮ |
摘要 |
ᠪᠡᠭᠡᠵᠢᠩ ᠪᠠᠷ ᠤᠨ 《ᠭᠡᠰᠡᠷ ᠦᠨ ᠲᠤᠭᠤᠵᠢ》 ᠳᠠᠬᠢ ᠪᠤᠷᠬᠠᠨ ᠨᠢᠷᠸᠠᠨ ᠳᠦᠷᠢ ᠦᠵᠡᠭᠦᠯᠬᠦ ᠶᠢᠨ ᠤᠷᠢᠳᠠ ᠬᠤᠷᠮᠤᠰᠲᠠ ᠬᠦᠷᠴᠦ ᠮᠦᠷᠭᠦᠭᠰᠡᠨ ᠪᠡ ᠪᠤᠷᠬᠠᠨ ᠬᠤᠷᠮᠤᠰᠲᠠ ᠲᠡᠭᠷᠢ ᠳᠤ ᠭᠢᠷᠢᠶᠡᠰ ᠵᠠᠷᠯᠢᠭ ᠦᠯᠡᠳᠡᠭᠡᠭᠰᠡᠨ ᠬᠠᠮᠤᠭ ᠡᠬᠢᠨ ᠦ ᠦᠯᠢᠭᠡᠷ ᠢ 《ᠭᠠᠨᠵᠤᠤᠷ》 ᠲᠠᠬᠢ 《ᠬᠤᠳᠤᠭᠲᠤ ᠶᠡᠬᠡ ᠨᠢᠭᠦᠯᠡᠰᠦᠭᠴᠢ ᠴᠠᠭᠠᠨ ᠯᠢᠩᠬᠤᠤᠠ ᠨᠡᠷᠡᠲᠦ ᠶᠡᠬᠡ ᠬᠦᠯᠭᠡᠨ ᠰᠤᠳᠤᠷ》 ᠤᠨ 《ᠬᠤᠷᠮᠤᠰᠲᠠ ᠲᠡᠭᠷᠢ ᠶᠢᠨ ᠭᠤᠳᠠᠭᠠᠷ ᠪᠦᠯᠦᠭ》 ᠲᠡᠢ ᠬᠠᠷᠢᠴᠠᠭᠤᠯᠬᠤ ᠳᠤ ᠲᠤᠰ 《ᠭᠡᠰᠡᠷ ᠦᠨ ᠲᠤᠭᠤᠵᠢ》 ᠶᠢᠨ ᠬᠠᠮᠤᠭ ᠡᠬᠢᠨ ᠦ ᠦᠯᠢᠭᠡᠷ ᠦᠭᠦᠯᠡᠮᠵᠢ ᠨᠢ ᠵᠤᠬᠢᠶᠠᠭᠴᠢ ᠪᠤᠶᠤ ᠦᠭᠡᠷᠡᠴᠢᠯᠡᠨ ᠨᠠᠢᠷᠠᠭᠤᠯᠤᠭᠴᠢ ᠠᠴᠠ ᠳᠤᠷ᠎ᠠ ᠪᠠᠷ ᠢᠶᠠᠨ ᠵᠤᠬᠢᠶᠠᠭᠰᠠᠨ ᠵᠤᠢᠯ ᠪᠤᠰᠤ᠂ ᠬᠠᠷᠢᠨ 《ᠭᠠᠨᠵᠤᠤᠷ》 ᠲᠠᠬᠢ 《ᠬᠤᠳᠤᠭᠲᠤ ᠶᠡᠬᠡ ᠨᠢᠭᠦᠯᠡᠰᠦᠭᠴᠢ ᠴᠠᠭᠠᠨ ᠯᠢᠩᠬᠤᠤᠠ ᠨᠡᠷᠡᠲᠦ ᠶᠡᠬᠡ ᠬᠦᠯᠭᠡᠨ ᠰᠤᠳᠤᠷ》 ᠤᠨ 《ᠬᠤᠷᠮᠤᠰᠲᠠ ᠲᠡᠭᠢᠷᠢ ᠶᠢᠨ ᠭᠤᠳᠠᠭᠠᠷ ᠪᠦᠯᠦᠭ》 ᠠᠴᠠ ᠦᠨᠳᠦᠰᠦ ᠡᠰᠢ ᠲᠡᠢ ᠦᠭᠦᠯᠡᠮᠵᠢ ᠮᠦᠨ ᠪᠤᠯᠬᠤ; ᠪᠡᠭᠡᠵᠢᠩ ᠪᠠᠷ ᠤᠨ 《ᠭᠡᠰᠡᠷ ᠦᠨ ᠲᠤᠭᠤᠵᠢ》 ᠳᠠᠬᠢ ᠪᠤᠷᠬᠠᠨ ᠤ ᠵᠠᠷᠯᠢᠭ ᠢ ᠴᠤ ᠮᠦᠨ ᠰᠤᠳᠤᠷ ᠲᠠᠬᠢ ᠪᠤᠷᠬᠠᠨ ᠤ ᠵᠠᠷᠯᠢᠭ ᠢ ᠦᠨᠳᠦᠰᠦᠯᠡᠨ ᠦᠭᠡᠷᠡᠴᠢᠯᠡᠨ ᠵᠤᠬᠢᠶᠠᠵᠤ ᠨᠠᠢᠷᠠᠭᠤᠯᠤᠭᠰᠠᠨ ᠪᠤᠯᠬᠤ; ᠪᠡᠭᠡᠵᠢᠩ ᠪᠠᠷ ᠤᠨ 《ᠭᠡᠰᠡᠷ ᠦᠨ ᠲᠤᠭᠤᠵᠢ》 ᠶᠢ ᠵᠤᠬᠢᠶᠠᠬᠤ ᠪᠤᠶᠤ ᠦᠭᠡᠷᠡᠴᠢᠯᠡᠨ ᠨᠠᠢᠷᠠᠭᠤᠯᠬᠤ ᠳᠠᠭᠠᠨ 《ᠭᠠᠨᠵᠤᠤᠷ》 ᠵᠡᠷᠭᠡ ᠪᠤᠷᠬᠠᠨ ᠱᠠᠰᠢᠨ ᠤ ᠶᠡᠬᠡ ᠬᠦᠯᠭᠡᠨ ᠰᠤᠳᠤᠷ ᠠᠴᠠ ᠡᠰᠢ ᠦᠨᠳᠦᠰᠦ ᠲᠡᠢ ᠵᠤᠬᠢᠶᠠᠬᠤ ᠪᠤᠶᠤ ᠦᠭᠡᠷᠡᠴᠢᠯᠡᠨ ᠨᠠᠢᠷᠠᠭᠤᠯᠬᠤ ᠪᠠᠷ ᠠᠷᠭ᠎ᠠ ᠵᠠᠷᠴᠢᠮ ᠪᠤᠯᠭᠠᠵᠤ ᠪᠠᠢᠭᠰᠠᠨ ᠪᠠᠢᠨ᠎ᠠ᠃ |
原文 |
查看原文
|
出自 |
中国蒙古学
2015年
第3期
|