题名 |
ᠴᠢᠩᠭᠢᠰ ᠬᠠᠭᠠᠨ ᠤ ᠰᠦᠮ᠎ᠡ ᠶᠢ ᠬᠡᠴᠢᠶᠡᠩ᠋ᠭᠦᠢ᠌ᠢᠯᠡᠨ ᠪᠠᠢ᠌ᠢᠭᠤᠯᠤᠭᠰᠠᠨ ᠰᠢᠯᠲᠠᠭᠠᠨ ᠪᠠ ᠵᠤᠷᠢᠯᠭ᠎ᠠ |
作者 |
ᠰᠡᠴᠡᠨᠪᠠᠲᠤ |
关键词 |
ᠴᠢᠩᠭᠢᠰ ᠬᠠᠭᠠᠨ ᠤ ᠰᠦᠮ᠎ᠡ; ᠦᠨᠳᠦᠰᠦᠲᠡᠨ ᠦ ᠰᠡᠳᠬᠢᠯᠭᠡ; 《ᠬᠦᠬᠡ ᠲᠤᠭ》ᠰᠤᠨᠢᠨ |
摘要 |
ᠴᠢᠩ᠋ᠭᠢᠰ ᠬᠠᠭᠠᠨ ᠤ ᠰᠦᠮ᠎ᠡ ᠶᠢ ᠪᠠᠢ᠌ᠢᠭᠤᠯᠬᠤ ᠪᠦᠬᠦᠢ ᠶᠠᠪᠤᠴᠠ ᠪᠠ ᠴᠤᠭᠴᠠᠯᠠᠨ ᠪᠠᠢ᠌ᠢᠭᠤᠯᠤᠭᠰᠠᠨ ᠶᠤᠰᠤᠯᠠᠯ ᠪᠤᠶᠤ ᠲᠦᠷ ᠴᠠᠭ ᠤᠨ ᠲᠠᠬᠢᠯᠭ᠎ᠠ ᠶᠠᠪᠤᠭᠤᠯᠤᠭᠰᠠᠨ ᠪᠠᠢ᠌ᠢᠳᠠᠯ ᠠᠴᠠ ᠲᠡᠭᠦᠨ ᠦ ᠵᠤᠷᠢᠯᠲᠠ ᠶᠢ ᠦᠵᠡᠨ ᠬᠠᠷᠠᠵᠤ ᠪᠤᠯᠤᠨ᠎ᠠ᠃ ᠴᠢᠩᠭᠢᠰ ᠬᠠᠭᠠᠨ ᠤ ᠰᠦᠮ᠎ᠡ ᠶᠢ ᠴᠤᠭᠴᠠᠯᠠᠨ ᠪᠠᠢ᠌ᠭᠤᠯᠤᠭᠰᠠᠨ ᠵᠤᠷᠢᠯᠲᠠ ᠨᠢ 《ᠯᠠᠮᠠ ᠶᠢᠨ ᠱᠠᠰᠢᠨ ᠢ ᠮᠠᠨᠳᠤᠭᠤᠯᠬᠤ ᠳᠤ ᠲᠤᠰᠠ ᠦᠵᠡᠭᠦᠯᠬᠦ》ᠭᠡᠰᠡᠨ ᠶᠠᠪᠤᠳᠠᠯ ᠪᠢᠰᠢ ᠮᠦᠷᠲᠡᠭᠡᠨ 《ᠮᠣᠩ᠋᠋ᠭᠤᠯᠴᠤᠳ ᠠᠴᠠ ᠶᠠᠫᠤᠨ ᠤ ᠲᠦᠷᠢᠮᠡᠭᠡᠢ᠌ᠯᠡᠯ ᠢ ᠡᠰᠡᠷᠭᠦᠴᠡᠭᠰᠡᠨ ᠦᠢᠯᠡ ᠠᠵᠢᠯᠯᠠᠭ᠎ᠠ》ᠴᠤ ᠪᠢᠰᠢ ᠶᠤᠮ᠃ ᠬᠠᠷᠢᠨ ᠲᠤᠬᠠᠢ ᠶᠢᠨ ᠦᠶ᠎ᠡ ᠶᠢᠨ ᠬᠢᠩ᠋ᠭᠠᠨ ᠬᠡᠳᠦᠨ ᠮᠤᠵᠢ ᠶᠢᠨ ᠰᠡᠭᠡᠭᠡᠷᠡᠭᠰᠡᠨ ᠮᠣᠩ᠋ᠭᠤᠯ ᠲᠤᠰᠢᠶᠠᠯᠲᠠᠳ ᠠᠴᠠ ᠡᠭᠦᠰᠭᠡᠨ ᠰᠡᠳᠦᠵᠦ᠂ 《ᠪᠦᠬᠦ ᠮᠣᠩ᠋ᠭᠤᠯ ᠤᠨ ᠴᠤᠭ ᠵᠢᠪᠬᠤᠯᠠᠩ ᠢ ᠮᠠᠨᠳᠤᠭᠤᠯᠵᠤ᠂ ᠮᠣᠩ᠋ᠭᠤᠯ ᠤᠭᠰᠠᠭᠠᠲᠠᠨ ᠢ ᠪᠤᠰᠤ ᠤᠭᠰᠠᠭᠠᠲᠠᠨ ᠲᠠᠢ ᠮᠦᠷᠦ ᠵᠡᠷᠭᠡᠴᠡᠨ ᠶᠠᠪᠤᠬᠤ》᠋ ᠶᠢᠨ ᠲᠦᠯᠦᠭᠡ᠂ ᠪᠦᠬᠦ ᠮᠣᠩ᠋ᠭᠤᠯ ᠳᠤ ᠪᠤᠭᠲᠠ ᠴᠢᠩᠭᠢᠰ ᠤᠨ ᠳᠤᠯᠤᠭᠠᠨ ᠵᠠᠭᠤᠨ ᠵᠢᠯ ᠤᠨ ᠡᠮᠦᠨ᠎ᠡ ᠳᠡᠯᠡᠬᠡᠢ ᠳᠠᠬᠢᠨ ᠢ ᠲᠤᠩ᠋ᠰᠤᠯᠭᠠᠵᠤ ᠪᠠᠢ᠌ᠭᠰᠠᠨ ᠠᠯᠳᠠᠷ ᠭᠠᠪᠢᠶ᠎ᠠ ᠶᠢ ᠳᠤᠷᠠᠳᠬᠠᠨ ᠡᠷᠭᠢᠴᠡᠭᠦᠯᠵᠦ᠂ ᠪᠠᠭᠠᠲᠤᠷ ᠰᠦᠷ ᠢ ᠳᠠᠬᠢᠨ ᠮᠠᠨᠳᠤᠭᠤᠯᠬᠤ ᠪᠤᠶᠤ ᠮᠣᠩ᠋ᠭᠤᠯ ᠤᠭᠰᠠᠭᠠᠲᠠᠨ ᠢᠶᠠᠨ ᠰᠤᠬᠤᠷ ᠪᠠᠯᠠᠢ ᠰᠤᠭᠲᠤᠭᠤ ᠬᠦᠯᠢᠴᠦᠦ᠂ ᠠᠯᠵᠠᠭᠤ ᠵᠠᠯᠬᠠᠭᠤ ᠠᠷᠲᠠᠭ ᠲᠠᠩ᠋ᠬᠠᠢ ᠭᠡᠮ ᠢᠶᠡᠨ ᠭᠤᠯᠤᠵᠤ᠂ ᠤᠭᠰᠠᠭᠠᠲᠠᠨ ᠤ ᠢᠷᠡᠭᠡᠳᠦᠢ ᠳᠦ ᠢᠲᠡᠭᠡᠯ ᠠᠯᠳᠠᠵᠤ ᠦᠭᠦᠰᠢᠷᠡᠨ ᠰᠠᠭᠤᠭ᠎ᠠ ᠬᠦᠮᠦᠰ ᠦᠨ ᠡᠷᠴᠢ ᠵᠤᠷᠢᠭ ᠢ ᠨᠢ ᠬᠦᠪᠴᠢᠯᠡᠬᠦ ᠶᠢᠨ ᠲᠦᠯᠦᠭᠡ ᠪᠠᠢ᠌ᠪᠠ᠃ |
原文 |
查看原文
|
出自 |
中国蒙古学
2013年
第1期
|