论文信息


题名 ᠮᠣᠩᠭᠣᠯ ᠪᠠᠭᠠᠲᠤᠷᠯᠢᠭ ᠲᠤᠤᠯᠢᠰ ᠬᠢᠭᠡᠳ ᠨᠠᠰᠤᠨ ᠤ ᠦᠢᠯᠡ ᠶᠣᠰᠤᠯᠠᠯ ᠤᠨ ᠵᠠᠷᠢᠮ ᠨᠡᠢ᠌ᠯᠡᠭ ᠣᠨᠴᠠᠯᠢᠭ ᠤᠨ ᠲᠤᠬᠠᠢ
作者 ᠠᠯᠳᠠᠷᠲᠤ
关键词 ᠮᠣᠩᠭᠣᠯ ᠪᠠᠭᠠᠲᠤᠷᠯᠢᠭ ᠲᠤᠤᠯᠢᠰ; ᠨᠠᠰᠤᠨ ᠤ ᠦᠢᠯᠡ ᠶᠣᠰᠤᠯᠠᠯ; ᠨᠡᠢ᠌ᠯᠡᠭ ᠣᠨᠴᠠᠯᠢᠭ
摘要 ᠮᠣᠩᠭᠣᠯ ᠪᠠᠭᠠᠲᠤᠷᠯᠢᠭ ᠲᠤᠤᠯᠢᠰ ᠪᠣᠯ ᠮᠣᠩᠭᠣᠯ ᠲᠣᠭᠤᠷᠭᠠᠲᠠᠨ ᠤ ᠠᠮᠢᠳᠤᠷᠠᠯ ᠰᠣᠶᠣᠯ ᠤᠨ ᠴᠢᠬᠤᠯᠠ ᠨᠢᠭᠡ ᠵᠠᠩ ᠦᠢᠯᠡ ᠶᠢᠨ ᠦᠵᠡᠭᠳᠡᠯ ᠮᠦᠨ᠃ ᠨᠠᠰᠤᠨ ᠤ ᠦᠢᠯᠡ ᠶᠣᠰᠤᠯᠠᠯ ᠪᠣᠯ ᠦᠨᠡᠨ ᠳᠡᠭᠡᠨ ᠬᠦᠮᠦᠨ ᠦ ᠠᠮᠢᠳᠤᠷᠠᠯ ᠤᠨ ᠵᠠᠩᠭᠢᠯᠠᠭ᠎ᠠ ᠶᠢᠨ ᠴᠢᠨᠠᠷᠲᠠᠢ ᠡᠯ᠎ᠡ ᠭᠣᠭᠴᠣᠭ᠎ᠠ ᠪᠦᠬᠦᠨ ᠳᠥ ᠶᠠᠪᠤᠭᠳᠠᠭᠤᠯᠵᠤ ᠪᠠᠢ᠌ᠳᠠᠭ ᠣᠨᠴᠠᠭᠠᠢ ᠨᠢᠭᠡ ᠵᠦᠢᠯ ᠦᠨ ᠵᠠᠩ ᠦᠢᠯᠡ ᠶᠢᠨ ᠦᠵᠡᠭᠳᠡᠯ ᠪᠣᠯᠬᠤ ᠶᠣᠮ᠃ ᠡᠷᠲᠡ ᠦᠶ᠎ᠡ ᠶᠢᠨ ᠨᠠᠰᠤᠨ ᠤ ᠦᠢᠯᠡ ᠶᠣᠰᠤᠯᠠᠯ ᠨᠢ ᠲᠤᠩ ᠳᠦᠭᠦᠮ ᠪᠦᠳᠦᠭᠦᠯᠢᠭ᠌ ᠠᠮᠢᠳᠤᠷᠠᠯ ᠤᠨ ᠲᠣᠷᠰᠢᠯᠭ᠎ᠠ ᠳᠠᠳᠤᠯᠭ᠎ᠠ᠂ ᠱᠠᠰᠢᠨ ᠰᠢᠳᠦᠯᠭᠡ ᠵᠢᠴᠢ ᠳᠦᠭᠦᠮ ᠳᠠᠭᠤᠷᠢᠶᠠᠯᠭ᠎ᠠ ᠰᠡᠷᠡᠭᠳᠡᠯ ᠪᠦᠬᠦᠢ ᠤᠳᠬ᠎ᠠ ᠲᠠᠢ ᠦᠢᠯᠡ ᠶᠣᠰᠤᠯᠠᠯ ᠡᠴᠡ ᠡᠭᠦᠰᠦᠨ ᠪᠦᠷᠢᠯᠳᠦᠭᠰᠡᠨ ᠪᠠᠢ᠌ᠳᠠᠭ᠃ ᠡᠢ᠌ᠨ ᠬᠦ ᠡᠷᠲᠡ ᠦᠶ᠎ᠡ ᠶᠢᠨ ᠡᠳᠡᠭᠡᠷ ᠳᠦᠭᠦᠮ ᠦᠢᠯᠡ ᠶᠣᠰᠤᠯᠠᠯ ᠨᠢ ᠴᠣ ᠦᠭᠡ ᠬᠡᠯᠡᠨ ᠦ ᠷᠢᠳᠢ ᠰᠢᠳᠢ ᠳᠤ ᠲᠦᠰᠢᠭᠯᠡᠨ ᠢᠯᠡᠷᠬᠡᠢ᠌ᠯᠡᠬᠦ᠂ ᠴᠠᠭᠠᠰᠢᠯᠠᠪᠠᠯ ᠴᠢᠬᠤᠯᠠ ᠪᠦᠬᠦᠢ ᠤᠷᠠᠯᠢᠭ ᠤᠨ ᠬᠡᠯᠪᠡᠷᠢ (ᠳᠣᠮᠣᠭ ᠳᠣᠣᠯᠢᠰ)  ᠶᠢ ᠱᠠᠭᠠᠷᠳᠠᠨ᠂ ᠵᠠᠩ ᠦᠢᠯᠡ ᠠᠮᠢᠳᠤᠷᠠᠯ ᠤᠨ ᠤᠳᠬ᠎ᠠ ᠢᠯᠡᠷᠬᠡᠢ᠌ᠯᠡᠯ ᠢᠶᠡᠨ ᠢᠯᠡᠳᠭᠡᠬᠦ ᠴᠢᠬᠤᠯᠠ ᠲᠠᠢ ᠪᠠᠢ᠌ᠳᠠᠭ᠃
原文 查看原文
出自 内蒙古民族大学学报(社会科学) 2007年 第3期

联系我们


内蒙古大学图书馆
呼和浩特市大学西路235号
中国·内蒙古
P: (0471) 4992561
E: huangfeilong@imu.edu.cn