题名 |
ᠬᠦᠢᠰᠦ ᠢᠯᠭᠠᠯ ᠤᠨ ᠬᠠᠷᠠᠭ᠎ᠠ ᠳᠤ ᠬᠢ ᠮᠣᠩᠭ᠋ᠤᠯ 《ᠲᠡᠮᠦᠷ ᠬᠡᠦᠬᠡᠨᠴᠦᠳ》᠋ ᠦᠨ ᠳᠦᠷᠢ |
作者 |
ᠪᠤᠤ ᠶᠢᠩ ᠬᠤᠸᠠ |
关键词 |
ᠨᠡᠢ᠌ᠭᠡᠮ ᠵᠢᠷᠦᠮᠲᠦ ᠦᠭᠡᠷᠡᠴᠢᠯᠡᠯᠲᠡ; ᠮᠣᠩ᠋ᠭ᠋ᠤᠯ (ᠲᠡᠮᠦᠷ ᠬᠡᠦᠬᠡᠨᠴᠦᠳ》; ᠰᠤᠶᠤᠯ ᠤᠨ ᠠᠭᠤᠯᠤᠭᠳᠠᠬᠤᠨ |
摘要 |
《ᠲᠡᠮᠦᠷ ᠬᠡᠦᠬᠡᠨᠴᠦᠳ》᠋ ᠦᠨ ᠳᠦᠷᠢ ᠪᠤᠯ 20᠋ ᠳᠤᠭᠠᠷ ᠵᠠᠭᠤᠨ ᠤ ᠲᠠᠪᠢ ᠵᠢᠷᠠᠭᠠᠳ ᠣᠨ ᠤ ᠦᠶ᠎ᠡ ᠶᠢᠨ ᠦᠪᠦᠷ ᠮᠣᠩᠭ᠋ᠤᠯ ᠣᠷᠤᠨ ᠤ ᠮᠣᠩᠭ᠋ᠤᠯ ᠲᠤᠭᠤᠵᠢᠰ ᠲᠤ ᠳᠤᠰᠬᠠᠭᠳᠠᠭᠰᠠᠨ᠂ ᠴᠠᠭ ᠦᠶᠡᠴᠢ ᠴᠢᠨᠠᠷ ᠢᠶᠠᠷ ᠲᠤᠢ᠌ᠯ ᠤᠨ ᠴᠢᠩᠭ᠋᠎ᠠ ᠵᠤᠬᠢᠶᠠᠯ ᠤᠨ ᠪᠠᠭᠠᠲᠤᠷ ᠤᠨ ᠳᠦᠷᠢ ᠪᠤᠯᠤᠨ᠎ᠠ᠃ ᠶᠡᠬᠡ ᠨᠢᠭᠡᠲᠦᠯ ᠳᠦ ᠬᠠᠮᠤᠷᠤᠭᠳᠠᠨ ᠣᠷᠤᠭᠰᠠᠨ ᠮᠣᠩᠭ᠋ᠤᠯ ᠦᠨᠳᠦᠰᠦᠲᠡᠨ᠂ ᠡᠪ ᠬᠠᠮᠲᠤ ᠨᠠᠮ ᠤᠨ ᠵᠢᠯᠤᠭᠤᠳᠤᠯᠭ᠎ᠠ ᠶᠢ ᠬᠦᠯᠢᠶᠡᠨ ᠠᠪᠬᠤ ᠳᠤ ᠪᠠᠨ ᠨᠡᠢ᠌ᠭᠡᠮ ᠵᠢᠷᠦᠮᠲᠦ ᠦᠢᠯᠡᠳᠪᠦᠷᠢᠯᠡᠯ ᠬᠦᠳᠡᠯᠮᠦᠷᠢ ᠶᠢᠨ ᠹᠷᠤᠨᠲ᠋ ᠲᠦ ᠭᠠᠪᠰᠢᠭᠠᠢ᠌ᠯᠠᠭᠴᠢ ᠪᠤᠯᠤᠭᠰᠠᠨ 《ᠲᠡᠮᠦᠷ ᠬᠡᠦᠬᠡᠨᠴᠦᠳ》᠋ ᠢ ᠳᠠᠪᠲᠠᠨ ᠪᠤᠯᠪᠠᠰᠤᠷᠠᠭᠤᠯᠵᠤ ᠴᠠᠭ ᠦᠶ᠎ᠡ ᠶᠢᠨ ᠵᠤᠷᠢᠭ ᠰᠠᠨᠠᠭ᠎ᠠ ᠪᠠᠨ ᠢᠯᠡᠷᠡᠭᠦᠯᠵᠡᠢ᠃ ᠭᠡᠬᠦ ᠳᠦ ᠪᠡᠨ ᠱᠤᠭᠤᠳ ᠪᠤᠰᠬᠠᠭᠳᠠᠭᠰᠠᠨ ᠮᠣᠩᠭ᠋ᠤᠯ 《ᠲᠡᠮᠦᠷ ᠬᠡᠦᠬᠡᠨᠴᠦᠳ》 ᠨᠢ ᠪᠦᠷ ᠮᠢᠬ᠎ᠠ ᠴᠢᠰᠦ ᠳᠤᠲᠠᠭᠳᠠᠭᠰᠠᠨ ᠬᠠᠪᠲᠠᠭᠠᠢ ᠳᠦᠷᠢ — ᠡᠷ᠎ᠡ ᠰᠢᠨᠵᠢ ᠪᠡᠷ ᠢᠯᠡᠷᠡᠵᠦ ᠠᠰᠢᠭᠲᠠᠢ ᠲᠡᠮᠳᠡᠭ ᠦᠨ ᠦᠢᠯᠡᠳᠦᠯ ᠦᠵᠡᠭᠦᠯᠵᠡᠢ᠃ ᠲᠤᠰ ᠴᠠᠭ ᠦᠶ᠎ᠡ ᠡᠴᠡ ᠡᠬᠢᠯᠡᠨ ᠮᠣᠩᠭ᠋ᠤᠯ ᠡᠮᠡᠭᠲᠡᠢ᠌ᠴᠦᠳ ᠴᠦ ᠠᠶᠠᠨᠳᠠᠭᠠᠨ ᠡᠷ᠎ᠡ ᠶᠢᠨ ᠪᠠᠷᠢᠮᠵᠢᠶ᠎ᠠ ᠪᠠᠷ ᠦᠪᠡᠷ ᠪᠢ ᠪᠡᠨ ᠲᠤᠳᠤᠮᠳᠠᠵᠤ᠂ ᠨᠡᠢ᠌ᠭᠡᠮ ᠦᠨ ᠠᠵᠢᠯᠯᠠᠭ᠎ᠠ ᠳᠤ ᠦᠷᠭᠡᠨ ᠢᠶᠡᠷ ᠣᠷᠤᠯᠴᠠᠭᠰᠠᠨ ᠨᠢ ᠰᠡᠵᠢᠭᠯᠡᠰᠢ ᠦᠭᠡᠢ ᠪᠤᠳᠠᠲᠤ ᠬᠡᠷᠡᠭ ᠪᠤᠯᠪᠠ᠃ |
原文 |
没有原文
|
出自 |
内蒙古大学学报
2014年
第5期
|