摘要 |
ᠣᠷᠳᠤᠰ ᠠᠮᠠᠨ ᠠᠶᠠᠯᠭᠤᠨ ᠤ ᠣᠯᠠᠩᠭᠢ ᠳᠠᠭᠠᠪᠤᠷᠢ ᠦᠭᠡ ᠨᠢ ᠪᠢᠴᠢᠭ᠌ ᠦᠨ ᠬᠡᠯᠡ ᠪᠡ ᠪᠤᠰᠤᠳ ᠠᠮᠠᠨ ᠠᠶᠠᠯᠭᠤᠨ ᠲᠠᠢ ᠦᠨᠳᠦᠰᠦᠨ ᠳᠡᠭᠡᠨ ᠲᠤᠬᠢᠷᠠᠯᠴᠠᠳᠠᠭ ᠪᠤᠯᠪᠠᠴᠤ ᠦᠪᠡᠷᠮᠢᠴᠡ ᠣᠨᠴᠠᠯᠢᠭ ᠪᠦᠬᠦᠢ ᠵᠤᠢ᠌ᠯ ᠤᠨ ᠪᠠᠰᠠ ᠪᠠᠭ᠎ᠠ ᠪᠤᠰᠤ ᠪᠠᠢ᠌ᠳᠠᠭ ᠪᠢᠯᠡ᠃ ᠲᠤᠰ ᠦᠭᠦᠯᠡᠯ ᠳᠦ ᠵᠤᠬᠢᠶᠠᠭᠴᠢ᠂ ᠲᠡᠳᠡᠭᠡᠷ ᠦᠪᠡᠷᠮᠢᠴᠡ ᠣᠨᠴᠠᠯᠢᠭ ᠪᠦᠬᠦᠢ ᠭᠡᠵᠦ ᠦᠵᠡᠭᠰᠡᠨ ᠣᠷᠤᠨ᠂ ᠵᠦᠭ ᠴᠢᠭ᠌᠂ ᠴᠠᠭ᠂ ᠠᠳᠠᠯᠢᠳᠬᠠᠬᠤ᠂ ᠬᠤᠷᠢᠶᠠᠬᠤ᠃᠂ ᠬᠠᠮᠢᠶᠠᠳᠠᠭᠤᠯᠬᠤ᠂ ᠰᠢᠯᠲᠠᠭᠠᠨ᠂ ᠬᠦᠴᠦ ᠨᠡᠮᠡᠭᠳᠡᠭᠦᠯᠬᠦ ᠪᠡ ᠬᠡᠮᠵᠢᠶ᠎ᠡ ᠬᠡᠪᠴᠢᠶ᠎ᠡ ᠶᠢ ᠵᠢᠭᠠᠬᠤ ᠵᠡᠷᠭᠡ ᠳᠠᠭᠠᠪᠤᠷᠢ ᠦᠭᠡ ᠨᠦᠬᠦᠳ ᠲᠡᠬᠢ ᠦᠪᠡᠷᠮᠢᠴᠡ ᠣᠨᠴᠠᠯᠢᠭ ᠪᠦᠬᠦᠢ ᠵᠤᠢ᠌ᠯ ᠤᠳ ᠢ ᠭᠤᠤᠯᠳᠠᠭᠤ ᠪᠢᠴᠢᠭ᠌ ᠦᠨ ᠬᠡᠯᠡ ᠲᠡᠢ ᠬᠠᠷᠢᠴᠠᠭᠤᠯᠵᠤ ᠪᠠᠢ᠌ᠭᠠᠳ ᠦᠭᠦᠯᠡᠨ ᠲᠤᠳᠤᠷᠬᠠᠢ᠌ᠯᠠᠬᠤ ᠶᠢ ᠣᠷᠤᠯᠳᠤᠭᠰᠠᠨ ᠪᠠᠢ᠌ᠨ᠎ᠠ᠃ |