摘要 |
ᠣᠳᠣ ᠶᠢᠨ ᠦᠪᠦᠷ ᠮᠣᠩ᠋ᠭᠤᠯ ᠤᠨ ᠨᠠᠢᠮᠠᠨ ᠬᠤᠰᠢᠭᠤ ᠪᠤᠯ ᠤᠮᠠᠷᠠᠲᠤ ᠶᠤᠸᠠᠨ ᠤᠯᠤᠰ ᠤᠨ ᠦᠶ᠎ᠡ ᠶᠢᠨ ᠴᠠᠬᠠᠷ ᠲᠦᠮᠡᠨ ᠦ ᠨᠠᠢᠮᠠᠨ ᠶᠡᠬᠡ ᠣᠲᠤᠭ ᠤᠨ ᠨᠢᠭᠡᠨ ᠪᠤᠯᠬᠤ 《ᠨᠠᠢᠮᠠᠨ》᠋ ᠤ ᠰᠠᠭᠤᠷᠢ ᠳᠡᠭᠡᠷ᠎ᠡ ᠪᠤᠢ ᠪᠤᠯᠵᠤ ᠬᠦᠭ᠍ᠵᠢᠵᠦ ᠬᠤᠪᠢᠷᠠᠵᠤ ᠢᠷᠡᠭᠰᠡᠨ ᠶᠤᠮ᠃ ᠦᠭᠦᠯᠡᠯ ᠳᠦ ᠭᠤᠤᠯᠠᠭᠤ 《ᠪᠤᠭᠲᠠ ᠪᠠᠭᠠᠲᠤᠷ ᠪᠡᠶ᠎ᠡ ᠪᠡᠷ ᠳᠠᠢ᠌ᠯᠠᠭᠰᠠᠨ ᠲᠡᠮᠳᠡᠭᠯᠡᠯ》᠂ 《ᠮᠣᠩ᠋ᠭᠤᠯ ᠤᠨ ᠨᠢᠭᠤᠴᠠ ᠲᠤᠪᠴᠢᠶᠠᠨ》᠂ 《ᠰᠤᠳᠤᠷ ᠤᠨ ᠴᠢᠭᠤᠯᠭᠠᠨ》᠂ 《ᠳᠡᠢ᠌ᠮᠢᠩ ᠤᠯᠤᠰ ᠤᠨ ᠮᠠᠭᠠᠳ ᠬᠠᠤᠯᠢ》᠂ 《ᠬᠤᠷᠢᠶᠠᠩ᠋ᠭᠤᠢ ᠠᠯᠲᠠᠨ ᠲᠤᠪᠴᠢ》᠂ 《ᠡᠷᠳᠡᠨᠢ ᠶᠢᠨ ᠲᠤᠪᠴᠢ》᠂ 《ᠭᠠᠩ᠋ᠭ᠎ᠠ ᠶᠢᠨ ᠤᠷᠤᠰᠬᠠᠯ》ᠵᠡᠷᠭᠡ ᠲᠡᠦᠡᠨ ᠰᠤᠷᠪᠤᠯᠵᠢ ᠪᠢᠴᠢᠭ᠌ ᠦᠳ ᠲᠦ ᠲᠤᠯᠭᠠᠭᠤᠷᠢᠯᠠᠵᠤ᠂ ᠴᠠᠬᠠᠷ ᠲᠦᠮᠡᠨ ᠦ ᠨᠠᠢᠮᠠᠨ ᠶᠡᠬᠡ ᠣᠲᠤᠭ ᠤᠨ ᠨᠢᠭᠡᠨ ᠪᠤᠯᠬᠤ 《ᠨᠠᠢᠮᠠᠨ》᠋ ᠤ ᠲᠡᠦᠬᠡᠨ ᠬᠤᠪᠢᠷᠠᠯᠲᠠ ᠶᠢ ᠲᠤᠪᠴᠢᠬᠠᠨ ᠬᠤᠷᠢᠶᠠᠩ᠋ᠭᠤᠢ᠌ᠯᠠᠬᠤ ᠶᠢᠨ ᠳᠠᠭᠠᠤ᠂ ᠡᠷᠲᠡᠨ ᠦ ᠨᠠᠢᠮᠠᠨ ᠠᠢ᠌ᠮᠠᠭ ᠤᠨ ᠦᠶ᠎ᠡ᠂ ᠤᠮᠠᠷᠠᠲᠤ ᠶᠤᠸᠠᠨ ᠤᠯᠤᠰ ᠤᠨ ᠦᠶ᠎ᠡ ᠬᠢᠭᠡᠳ ᠴᠢᠩ ᠤᠯᠤᠰ ᠤᠨ ᠦᠶ᠎ᠡ ᠳᠡᠬᠢ ᠨᠠᠢᠮᠠᠨᠴᠤᠳ ᠤᠨ ᠨᠧᠰᠲ᠋ᠤᠷᠢᠰ ᠤᠨ ᠪᠦᠯᠦᠭ ᠦᠨ ᠾᠷᠢᠰᠲ᠋ᠤᠰ ᠤᠨ ᠱᠠᠰᠢᠨ᠂ ᠪᠦᠬᠡ ᠶᠢᠨ ᠱᠠᠰᠢᠨ᠂ ᠪᠤᠷᠬᠠᠨ ᠱᠠᠰᠢᠨ ᠵᠡᠷᠭᠡ ᠶᠢ ᠰᠢᠲᠦᠵᠦ ᠢᠷᠡᠭᠰᠡᠨ ᠱᠠᠰᠢᠨ ᠰᠢᠲᠦᠯᠭᠡ ᠶᠢᠨ ᠪᠠᠢ᠌ᠳᠠᠯ ᠵᠢᠴᠢ ᠲᠡᠭᠦᠨ ᠦ ᠣᠨᠴᠠᠯᠢᠭ ᠢ ᠦᠭᠦᠯᠡᠪᠡ᠃ |