题名 |
《 ᠤᠮᠠᠷᠠᠳᠤ ᠳᠤ ᠡᠯᠴᠢᠯᠡᠭᠰᠡᠨ ᠲᠡᠮᠳᠡᠭᠯᠡᠯ》 ᠤᠨ ᠲᠤᠬᠠᠢ ᠲᠦᠭᠦᠮ ᠦᠭᠦᠯᠡᠬᠦ ᠨᠢ |
作者 |
ᠬᠠᠨ ᠾᠦᠢ ᠯᠢᠩ |
关键词 |
ᠯᠢ ᠱᠢ; 《ᠤᠮᠠᠷᠠᠳᠤ ᠳᠤ ᠡᠯᠴᠢᠯᠡᠭᠰᠡᠨ ᠲᠡᠮᠳᠡᠭᠯᠡᠯ》; ᠲᠡᠦᠬᠡᠨ ᠰᠤᠷᠪᠤᠯᠵᠢ ᠪᠢᠴᠢᠭ᠌ ; ᠦᠨ᠎ᠡ ᠦᠷᠳᠡᠭ |
摘要 |
ᠲᠦᠮᠦᠪᠤᠤ ᠶᠢᠨ ᠲᠠᠢ᠌ᠨ ᠤ ᠲᠠᠷᠠᠭ᠎ᠠ᠂ ᠮᠢᠩ ᠤᠯᠤᠰ ᠤᠨ ᠲᠦᠰᠢᠮᠡᠯ ᠯᠢ ᠱᠢ ᠤᠯᠠᠨ ᠤ ᠨᠠᠢ᠌ᠳᠠᠯᠭ᠎ᠠ ᠶᠢ ᠬᠦᠯᠢᠶᠡᠵᠦ ᠲᠠᠢ᠌ᠨ ᠤ ᠲᠤᠮᠳᠠ ᠡᠰᠡᠨ ᠲᠠᠢ᠌ᠱᠢ ᠶᠢᠨ ᠤᠯᠠᠵᠠᠭᠳᠠᠯ ᠪᠤᠯᠤᠭᠰᠠᠨ ᠮᠢᠩ ᠢᠩᠽᠦ᠋ᠩ ᠬᠠᠭᠠᠨ ᠳᠤ ᠪᠠᠷᠠᠳᠠᠬᠤ ᠶᠢᠨ ᠲᠠᠭᠠᠤ ᠮᠤᠩᠭ᠋ᠤᠯ ᠤᠨ ᠴᠤᠬᠤᠮ ᠰᠠᠨᠠᠭ᠎ᠠ ᠶᠢ ᠤᠢ᠌ᠯᠠᠭᠠᠨ ᠮᠡᠳᠡᠬᠦ ᠶᠢᠨ ᠲᠦᠯᠦᠭᠡ᠂ ᠠᠯᠪᠠᠨ ᠶᠤᠰᠤ ᠪᠡᠷ ᠮᠤᠩᠭ᠋ᠤᠯ ᠳᠤ ᠡᠯᠴᠢᠯᠡᠭᠰᠡᠨ ᠪᠢᠯᠡ᠃ ᠪᠤᠴᠠᠨ ᠢᠷᠡᠮᠡᠭᠴᠡ ᠲᠡᠷᠡ 《 ᠤᠮᠠᠷᠠᠳᠤ ᠳᠤ ᠡᠯᠴᠢᠯᠡᠭᠰᠡᠨ ᠲᠡᠮᠳᠡᠭᠯᠡᠯ》 ᠶᠢᠡᠨ ᠪᠢᠴᠢᠵᠡᠢ᠃ ᠲᠤᠰ ᠪᠢᠴᠢᠭ᠌ ᠲᠤ ᠯᠢ ᠱᠢ ᠶᠢᠨ ᠵᠠᠮ ᠲᠠᠭᠠᠤ ᠦᠵᠡᠵᠦ ᠰᠤᠨᠤᠰᠤᠭᠰᠠᠨ ᠵᠦᠢᠯ᠂ ᠡᠰᠡᠨ ᠲᠠᠢ᠌ᠱᠢ ᠯᠤᠭ᠎ᠠ ᠶᠢᠨ ᠵᠦᠪᠳᠡᠯᠴᠡᠭᠡ᠂ ᠢᠩᠽᠦ᠋ᠩ ᠬᠠᠭᠠᠨ ᠤ ᠮᠤᠩᠭ᠋ᠤᠯ ᠳᠤ ᠬᠢ ᠠᠮᠢᠳᠤᠷᠠᠯ ᠵᠢᠴᠢ ᠲᠤᠬᠠᠢ ᠶᠢᠨ ᠦᠶ᠎ᠡ ᠶᠢᠨ ᠮᠤᠩᠭ᠋ᠤᠯ ᠤᠨ ᠲᠤᠳᠤᠭᠠᠳᠤ ᠪᠠᠢ᠌ᠳᠠᠯ ᠵᠡᠷᠭᠡ ᠤᠯᠠᠨ ᠠᠭᠤᠯᠭ᠎ᠠ ᠶᠢ ᠲᠡᠮᠳᠡᠭᠯᠡᠭᠰᠡᠨ ᠶᠢᠡᠷ ᠮᠤᠩᠭ᠋ᠤᠯ ᠪᠠ ᠮᠢᠩ ᠤᠯᠤᠰ ᠤᠨ ᠬᠤᠭᠤᠷᠤᠨᠳᠤᠬᠢ ᠬᠠᠷᠢᠴᠠᠭ᠎ᠠ᠂ ᠲᠡᠭᠦᠨᠴᠢᠯᠡᠨ ᠮᠤᠩᠭ᠋ᠤᠯ ᠤᠨ ᠲᠤᠳᠤᠭᠠᠳᠤ ᠪᠠᠢ᠌ᠳᠠᠯ ᠢ ᠰᠤᠳᠤᠯᠬᠤ ᠳᠤ ᠴᠢᠬᠤᠯᠠ ᠭᠠᠷ ᠠᠪᠤᠯᠭ᠎ᠠ ᠪᠤᠯᠤᠭᠰᠠᠨ ᠡᠴᠡ ᠤᠮᠳᠤᠭᠠᠢ᠌ᠯᠠᠵᠤ ᠪᠤᠯᠤᠰᠢ ᠦᠭᠡᠢ ᠲᠡᠦᠬᠡᠨ ᠰᠤᠷᠪᠤᠯᠵᠢ ᠪᠴᠢᠭ᠌ ᠤᠨ ᠦᠨ᠎ᠡ ᠦᠷᠳᠡᠭ ᠲᠠᠢ ᠶᠤᠮ᠃ |
原文 |
查看原文
|
出自 |
内蒙古大学学报
2015年
第3期
|