题名 |
ᠤᠷᠠᠨ ᠵᠤᠬᠢᠶᠠᠯ ᠤᠨ ᠭᠠᠢ᠌ᠢᠬᠠᠮᠰᠢᠭᠲᠤ ᠳᠤᠮᠤᠭ ᠢ ᠲᠤᠭᠤᠷᠪᠢᠭᠴᠢ — ᠪᠠᠳᠮᠠᠨᠢᠩᠪᠤ ᠶᠢᠨ ᠪᠦᠷᠢᠨᠪᠡᠬᠢ —— ᠪ᠂ ᠪᠦᠷᠢᠨᠪᠡᠬᠢ ᠫᠷᠤᠹᠧᠰᠰᠤᠷ ᠤᠨ ᠭᠡᠭᠡᠨ ᠳᠤᠷᠠᠰᠬᠠᠯ ᠳᠤ ᠵᠤᠷᠢᠭᠤᠯᠪᠠ |
作者 |
ᠳᠤᠷᠤᠨᠠᠲ᠋ᠡᠭᠷᠢ |
关键词 |
ᠤᠷᠠᠨ ᠵᠤᠬᠢᠶᠠᠯ; ᠭᠠᠢ᠌ᠢᠬᠠᠮᠰᠢᠭᠲᠤ ᠳᠤᠮᠤᠭ; ᠪ᠂ ᠪᠦᠷᠢᠨᠪᠡᠬᠢ |
摘要 |
20᠋᠋ ᠳᠤᠭᠠᠷ ᠵᠠᠭᠤᠨ ᠤ ᠮᠣᠩ᠋ᠭᠤᠯ ᠤᠷᠠᠨ ᠵᠤᠬᠢᠶᠠᠯ᠂ ᠢᠷᠠᠭᠤ ᠨᠠᠢ᠋ᠷᠠᠭ ᠢ ᠶᠠᠷᠢᠬᠤ ᠳᠤ ᠪ᠂ ᠪᠦᠷᠢᠨᠪᠡᠬᠢ ᠫᠷᠤᠹᠧᠰᠰᠤᠷ ᠢ ᠳᠤᠷᠠᠳᠤᠯ ᠦᠭᠡᠢ ᠦᠩᠭᠡᠷᠡᠵᠦ ᠦᠯᠦ ᠪᠤᠯᠤᠨ᠎ᠠ᠃ ᠲᠡᠭᠦᠨ ᠦ ᠤᠷᠠᠨ ᠵᠤᠬᠢᠶᠠᠯ ᠤᠨ ᠠᠵᠢᠯᠯᠠᠭ᠎ᠠ ᠨᠢ ᠢᠷᠠᠭᠤ ᠨᠠᠢ᠌ᠷᠠᠭ ᠲᠤᠭᠤᠷᠪᠢᠯ᠂ ᠢᠷᠠᠭᠤ ᠨᠠᠢ᠌ᠷᠠᠭ ᠰᠤᠳᠤᠯᠤᠯ᠂ ᠰᠢᠯᠦᠭ ᠵᠦᠢ ᠶᠢᠨ ᠴᠤᠭᠴᠠᠯᠠᠯ᠂ ᠴᠢᠳᠠᠪᠤᠷᠢᠲᠠᠨ ᠦ ᠬᠦᠮᠦᠵᠢᠭᠦᠯᠦᠯ᠂ ᠣᠷᠴᠢᠭᠤᠯᠭ᠎ᠠ ᠵᠡᠷᠭᠡ ᠲᠠᠯ᠎ᠠ ᠳᠤ ᠬᠤᠯᠪᠤᠭᠳᠠᠵᠠᠢ᠃ ᠪ᠂ ᠪᠦᠷᠢᠨᠪᠡᠬᠢ ᠫᠷᠤᠹᠧᠰᠰᠤᠷ ᠭᠠᠢ᠌ᠬᠠᠮᠰᠢᠭᠲᠤ ᠪᠢᠯᠢᠭ᠌᠂ ᠲᠠᠰᠤᠷᠬᠠᠢ ᠠᠪᠢᠶᠠᠰ᠂ ᠠᠷᠤᠳᠬᠠᠨ ᠬᠦᠳᠡᠯᠮᠦᠷᠢ ᠪᠡᠷ ᠢᠶᠡᠨ ᠤᠷᠠᠨ ᠵᠤᠬᠢᠶᠠᠯ ᠤᠨ ᠭᠤᠶᠤᠮᠰᠤᠭ ᠳᠤᠮᠤᠭ ᠢ ᠴᠤᠭᠴᠠᠯᠠᠵᠤ᠂ ᠨᠢᠭᠡᠨ ᠦᠶ᠎ᠡ ᠶᠢᠨ ᠱᠤᠪᠬᠤ ᠣᠷᠭᠢᠯ ᠪᠤᠯᠵᠤ ᠮᠣᠩ᠋ᠭᠤᠯ ᠤᠷᠠᠨ ᠵᠤᠬᠢᠶᠠᠯ ᠤᠨ ᠲᠠᠪᠴᠠᠩ ᠳᠤ ᠰᠦᠨᠳᠡᠷᠯᠡᠭᠰᠡᠨ ᠪᠠᠢ᠌ᠪᠠ᠃ ᠲᠡᠭᠦᠨ ᠦ ᠤᠷᠠᠨ ᠵᠤᠬᠢᠶᠠᠯ ᠤᠨ ᠭᠠᠢ᠌ᠬᠠᠮᠰᠢᠭᠲᠤ ᠲᠤᠷᠰᠢᠯᠭ᠎ᠠ ᠨᠢ ᠣᠳᠣ ᠦᠶ᠎ᠡ ᠶᠢᠨ ᠮᠣᠩ᠋ᠭᠤᠯ ᠤᠷᠠᠨ ᠵᠤᠬᠢᠶᠠ ᠵᠢᠴᠢ ᠲᠡᠭᠦᠨ ᠦ ᠰᠤᠳᠤᠯᠤᠯ ᠢ ᠲᠠᠰᠤᠷᠠᠯ ᠦᠭᠡᠢ ᠬᠤᠪᠢᠰᠬᠠᠨ ᠰᠢᠨᠡᠳᠭᠡᠵᠦ᠂ ᠤᠳᠤᠷᠢᠳᠤᠨ ᠬᠦᠲᠦᠯᠵᠦ ᠶᠠᠪᠤᠭᠰᠠᠨ ᠢᠶᠠᠷ ᠣᠳᠣ ᠦᠶ᠎ᠡ ᠶᠢᠨ ᠮᠣᠩ᠋ᠭᠤᠯ ᠤᠷᠠᠨ ᠵᠤᠬᠢᠶᠠᠯ ᠤᠨ ᠦᠨᠳᠦᠰᠦᠯᠡᠭᠴᠢ᠂ ᠰᠠᠭᠤᠷᠢᠯᠠᠭᠴᠢ᠂ ᠬᠤᠰᠢᠭᠤᠴᠢ᠂ ᠰᠢᠨᠡᠴᠢᠯᠡᠭᠴᠢ᠂ ᠳᠠᠭᠠᠭᠤᠯᠤᠭᠴᠢ᠂ ᠴᠤᠭᠴᠠᠯᠠᠭᠴᠢ ᠪᠠᠷ ᠦᠨᠡᠯᠡᠭᠳᠡᠬᠦ ᠪᠤᠯᠤᠭᠰᠠᠨ ᠶᠤᠮ᠃ |
原文 |
查看原文
|
出自 |
内蒙古大学学报
2011年
第3期
|