题名 |
ᠵᠠᠩ ᠦᠢᠯᠠ ᠬᠢᠭᠡᠳ ᠠᠷᠠᠳ ᠤᠨ ᠠᠮᠠᠨ ᠵᠤᠬᠢᠶᠠᠯ ᠤᠨ ᠰᠢᠨᠵᠢᠯᠡᠭᠡᠨ ᠤ ᠰᠤᠯᠪᠢᠴᠡᠯ ᠤᠨ ᠠᠰᠠᠭᠤᠳᠠᠯ ᠳᠤ |
作者 |
ᠬᠦᠷᠡᠯᠱᠠ; ᠰᠠᠷᠠᠭᠤᠯ |
关键词 |
ᠵᠠᠩ ᠦᠢᠯᠡ᠂ ᠠᠷᠠᠳ ᠤᠨ ᠠᠮᠠᠨ ᠵᠤᠬᠢᠶᠠᠯ᠂ ᠰᠤᠯᠪᠢᠴᠠᠯ ᠤᠨ ᠰᠢᠨᠵᠢᠯᠡᠭᠡᠨ ᠤ ᠰᠠᠯᠠᠯᠭ᠋ ᠡ |
摘要 |
ᠠᠷᠠᠳ ᠤᠨ ᠠᠮᠠᠨ ᠵᠤᠬᠢᠶᠠᠯ ᠤᠨ ᠰᠢᠨᠵᠢᠯᠡᠭᠡᠨ ᠪᠤᠯ ᠵᠠᠩ ᠦᠢᠯᠡ ᠶᠢᠨ ᠵᠦᠢ ᠬᠢᠭᠡᠳ ᠤᠳᠬ ᠡ ᠵᠤᠬᠢᠶᠠᠯ ᠬᠤᠶᠠᠷ ᠲᠤ ᠬᠠᠷᠢᠶᠠᠯᠠᠳᠠᠬᠤ ᠰᠢᠨᠵᠢᠯᠡᠭᠡᠨ ᠰᠤᠨᠳᠠᠯᠠᠭᠰᠠᠨ ᠰᠤᠯᠪᠢᠴᠠᠯ ᠤᠨ ᠰᠢᠨᠵᠢᠯᠡᠭᠡᠨ ᠤ ᠰᠠᠯᠠᠯᠭ᠋ ᠡ ᠪᠤᠯᠤᠨ᠌ ᠡ᠃ ᠵᠠᠩ ᠦᠢᠯᠡ ᠬᠢᠭᠡᠳ ᠠᠷᠠᠳ ᠤᠨ ᠠᠮᠠᠨ ᠵᠤᠬᠢᠶᠠᠯ ᠰᠢᠨᠵᠢ ᠴᠢᠨᠠᠷ ᠤᠨ ᠲᠠᠯ ᠡ ᠪᠡᠷ ᠨᠢᠭᠳᠠ ᠬᠠᠷᠢᠴᠠᠭ᠋ ᠡ ᠲᠠᠢ ᠨᠢᠭᠡᠳᠤᠮᠠᠯ ᠴᠤᠭᠴᠠ ᠶᠤᠮ᠃ ᠵᠠᠩ ᠦᠢᠯᠡ ᠶᠢᠨ ᠵᠦᠢ ᠳᠤ ᠠᠷᠠᠳ ᠤᠨ ᠠᠮᠠᠨ ᠵᠤᠬᠢᠶᠠᠯ ᠢ ᠰᠤᠳᠤᠯᠪᠠᠯ ᠲᠡᠭᠦᠨ ᠤ ᠵᠠᠩ ᠦᠢᠯᠡ ᠶᠢᠨ ᠰᠢᠨᠵᠢ ᠵᠢ ᠢᠯᠡᠭᠦᠤ ᠪᠤᠳᠤᠯᠬᠢᠯᠡᠵᠦ ᠰᠤᠳᠤᠯᠳᠠᠭ᠂ ᠠᠷᠠᠳ ᠤᠨ ᠠᠮᠠᠨ ᠵᠤᠬᠢᠶᠠᠯ ᠤᠨ ᠰᠢᠨᠵᠢᠯᠡᠯ ᠳᠤ ᠲᠡᠭᠦᠨ ᠤ ᠤᠳᠬ ᠡ ᠤᠷᠠᠯᠢᠭ ᠤᠨ ᠰᠢᠨᠵᠢ ᠵᠢ ᠢᠯᠡᠭᠦᠤ ᠰᠤᠳᠤᠯᠳᠠᠭ᠃ ᠬᠦᠮᠦᠨ ᠲᠦᠷᠤᠯᠬᠢᠳᠡᠨ ᠤ ᠤᠶᠤᠨ ᠤ ᠰᠤᠶᠤᠯ ᠤᠨ ᠲᠤᠳᠤᠭᠠᠳᠤ ᠨᠢᠭᠡᠳᠤᠮᠠᠯ ᠰᠢᠨᠵᠢ ᠬᠢᠭᠡᠳ ᠪᠦᠬᠦᠯᠢ ᠴᠤᠭᠴᠠᠳᠤ ᠪᠤᠰᠤᠳᠴᠢ ᠪᠡᠢᠢᠳᠠᠯ ᠢ ᠬᠦᠨᠳᠤᠳᠭᠡᠵᠦ᠂ ᠮᠤᠩᠭ᠋ᠤᠯ ᠵᠠᠩ ᠦᠢᠯᠡ ᠬᠢᠭᠡᠳ ᠠᠷᠠᠳ ᠤᠨ ᠠᠮᠠᠨ ᠵᠤᠬᠢᠶᠠᠯ ᠤᠨ ᠰᠤᠳᠤᠯᠤᠯ ᠳᠤ ᠰᠢᠨᠵᠢᠯᠡᠭᠡᠨ ᠤ ᠰᠠᠯᠠᠭ᠋ ᠡ ᠶᠢᠨ ᠬᠤᠭᠤᠷᠤᠨᠳᠤᠬᠢ ᠨᠡᠢᠢᠯᠡᠬᠦ᠂ ᠨᠡᠪᠴᠢᠬᠦ᠂ ᠨᠢᠭᠡᠳᠬᠦ᠂ ᠨᠦᠬᠦᠪᠦᠷᠢᠯᠡᠬᠦ᠂ ᠰᠤᠯᠪᠢᠴᠠᠬᠤ ᠬᠠᠷᠢᠴᠠᠭ᠋ ᠡ ᠵᠢ ᠴᠢᠩᠭ᠋ᠠᠳᠬᠠᠪᠠᠯ ᠵᠤᠬᠢᠨ᠌ ᠡ᠃ |
原文 |
没有原文
|
出自 |
内蒙古社会科学(蒙文版)
2004年
第1期
|