题名 |
ᠮᠣᠩᠭᠤᠯ ᠪᠢᠴᠢᠭ ᠢ ᠺᠤᠮᠫᠢᠦ᠋ᠲ᠋ᠧᠷ ᠲᠤ ᠲᠠᠨᠢᠭᠤᠯᠬᠤ ᠳᠤ ᠠᠰᠢᠭᠯᠠᠭᠰᠠᠨ ᠬᠡᠯᠡᠨ ᠦ ᠮᠡᠳᠡᠯᠭᠡ ᠶᠢᠨ ᠲᠤᠬᠠᠢ ᠬᠤᠷᠢᠶᠠᠩᠭᠤᠢᠯᠠᠨ ᠲᠤᠭᠠᠴᠢᠬᠤ ᠨᠢ |
作者 |
ᠪᠤᠤ ᠶᠠᠨ ᠬᠤᠸᠠ |
关键词 |
ᠮᠣᠩᠭᠤᠯ ᠪᠢᠴᠢᠭ ᠦᠨ ᠲᠧᠺᠰᠲ᠋ ᠢ ᠺᠤᠮᠫᠢᠦ᠋ᠲ᠋ᠧᠷ ᠲᠤ ᠲᠠᠨᠢᠭᠤᠯᠬᠤ; ᠪᠠᠷᠢᠮᠵᠢᠶ᠎ᠠ ᠦᠯᠢᠭᠡᠷ; ᠬᠡᠯᠡᠨ ᠦ ᠮᠡᠳᠡᠯᠭᠡ |
摘要 |
ᠮᠣᠩᠭᠤᠯ ᠬᠡᠯᠡ ᠪᠢᠴᠢᠭ ᠦᠨ ᠰᠤᠷᠠᠭ ᠵᠠᠩᠭᠢ ᠰᠢᠢᠳᠪᠦᠷᠢᠯᠡᠯᠲᠡ ᠶᠢᠨ ᠠᠯᠬᠤᠮ ᠪᠦᠷᠢ ᠨᠢ ᠮᠣᠩᠭᠤᠯ ᠬᠡᠯᠡᠨ ᠦ ᠮᠡᠳᠡᠯᠭᠡ ᠡᠴᠡ ᠰᠠᠯᠵᠤ ᠴᠢᠳᠠᠬᠤ ᠦᠭᠡᠢ᠃ ᠮᠣᠩᠭᠤᠯ ᠪᠢᠴᠢᠭ ᠦᠨ ᠲᠧᠺᠰᠲ᠋ ᠢ ᠺᠤᠮᠫᠢᠦ᠋ᠲ᠋ᠧᠷ ᠲᠤ ᠲᠠᠨᠢᠭᠤᠯᠬᠤ ᠠᠵᠢᠯ ᠴᠤ ᠠᠳᠠᠯᠢᠬᠠᠨ᠃ ᠲᠤᠰ ᠦᠭᠦᠯᠡᠯ ᠳᠦ᠂ ᠭᠤᠤᠯᠳᠠᠭᠤ ᠮᠣᠩᠭᠤᠯ ᠪᠢᠴᠢᠭ ᠦᠨ ᠲᠧᠺᠰᠲ᠋ ᠢ ᠺᠤᠮᠫᠢᠦ᠋ᠲ᠋ᠧᠷ ᠲᠤ ᠲᠠᠨᠢᠭᠤᠯᠬᠤ ᠠᠵᠢᠯ ᠤᠨ ᠰᠠᠭᠤᠷᠢ ᠡᠬᠢ ᠪᠠᠶᠠᠯᠢᠭ ᠤᠨ ᠪᠦᠲᠦᠬᠡᠨ ᠪᠠᠢᠭᠤᠯᠤᠯᠲᠠ ᠶᠢᠨ ᠴᠢᠬᠤᠯᠠ ᠠᠭᠤᠯᠭ᠎ᠠ ᠪᠤᠯᠬᠤ ᠡᠯ᠎ᠡ ᠲᠦᠷᠦᠯ ᠦᠨ ᠪᠠᠷᠢᠮᠵᠢᠶ᠎ᠠ ᠦᠯᠢᠭᠡᠷ ᠢ ᠬᠢᠬᠦ ᠶᠠᠪᠤᠴᠠ ᠳᠤ ᠠᠰᠢᠭᠯᠠᠭᠰᠠᠨ ᠮᠣᠩᠭᠤᠯ ᠬᠡᠯᠡᠨ ᠦ ᠬᠡᠯᠡᠨ ᠦ ᠮᠡᠳᠡᠯᠭᠡ ᠶᠢ ᠬᠤᠷᠢᠶᠠᠩᠭᠤᠢᠯᠠᠨ ᠲᠤᠭᠠᠴᠢᠵᠠᠢ᠃ ᠡᠭᠦᠨ ᠳᠦ ᠮᠣᠩᠭᠤᠯ ᠬᠡᠯᠡᠨ ᠦ ᠦᠨᠳᠦᠰᠦᠨ ᠣᠨᠴᠠᠯᠢᠭ᠂ ᠡᠮᠦᠨ᠎ᠡ ᠬᠤᠢᠨᠠᠬᠢ ᠲᠡᠮᠳᠡᠭᠲᠦ ᠶᠢᠨ ᠣᠨᠴᠠᠯᠢᠭ ᠰᠢᠨᠵᠢ᠂ ᠮᠣᠩᠭᠤᠯ ᠪᠢᠴᠢᠭ ᠦᠨ ᠪᠦᠲᠦᠴᠡ ᠶᠢᠨ ᠣᠨᠴᠠᠯᠢᠭ᠂ ᠮᠣᠩᠭᠤᠯ ᠪᠢᠴᠢᠭ ᠦᠨ ᠲᠡᠮᠳᠡᠭᠲᠦ ᠶᠢᠨ ᠳᠠᠪᠲᠠᠮᠵᠢ ᠶᠢᠨ ᠰᠤᠷᠠᠭ ᠵᠠᠩᠭᠢ ᠵᠡᠷᠭᠡ ᠬᠡᠯᠡᠨ ᠦ ᠮᠡᠳᠡᠯᠭᠡ ᠦᠳ ᠬᠤᠯᠪᠤᠭᠳᠠᠨ᠎ᠠ᠃ ᠡᠳᠡᠭᠡᠷ ᠬᠡᠯᠡᠨ ᠦ ᠮᠡᠳᠡᠯᠭᠡ ᠶᠢᠨ ᠠᠰᠢᠭᠯᠠᠯᠲᠠ ᠨᠢ ᠭᠤᠤᠯᠳᠠᠭᠤ ᠡᠯ᠎ᠡ ᠲᠦᠷᠦᠯ ᠦᠨ ᠪᠠᠷᠢᠮᠵᠢᠶ᠎ᠠ ᠦᠯᠢᠭᠡᠷ ᠢ ᠬᠢᠬᠦ ᠳᠦ ᠴᠤᠭᠴᠠᠯᠠᠭᠰᠠᠨ ᠳᠦᠷᠢᠮ ᠦᠨ ᠬᠦᠮᠦᠷᠭᠡ ᠳᠦ ᠢᠯᠡᠷᠡᠵᠦ ᠪᠠᠢᠨ᠎ᠠ᠃ |
原文 |
查看原文
|
出自 |
中国蒙古学
2016年
第3期
|