题名 |
ᠠᠯᠠᠭᠠᠳᠠᠬᠤ ᠪᠦᠮᠪᠦᠭᠡ ᠶᠢᠨ ᠪᠦᠮᠪᠦᠭᠡ ᠢᠯᠡᠭᠡᠬᠦ ᠰᠡᠳᠬᠢᠴᠡ ᠶᠢ ᠡᠵᠡᠮᠰᠢᠬᠦ ᠰᠤᠷᠭᠠᠭᠤᠯᠢᠯᠠᠯ ᠤᠨ ᠲᠤᠬᠠᠢ |
作者 |
ᠰᠠᠩᠪᠤ |
关键词 |
ᠠᠯᠠᠭᠠᠳᠠᠬᠤ ᠪᠦᠮᠪᠦᠭᠡ; ᠪᠦᠮᠪᠦᠭᠡ ᠢᠯᠡᠭᠡᠬᠦ ᠰᠡᠳᠬᠢᠴᠡ ᠶᠢ ᠡᠡᠮᠰᠢᠬᠦ; ᠰᠤᠷᠭᠠᠭᠤᠯᠢᠯᠠᠯ |
摘要 |
ᠠᠯᠠᠭᠠᠳᠠᠬᠤ ᠪᠦᠮᠪᠦᠭᠡ ᠶᠢᠨ ᠮᠡᠷᠭᠡᠵᠢᠯ ᠳᠦ ᠂ ᠭᠠᠭᠴᠠ ᠪᠦᠮᠪᠦᠭᠡ ᠢᠯᠡᠭᠡᠬᠦ ᠮᠡᠷᠭᠡᠵᠢᠯ ᠨᠢ ᠦᠪᠡᠷ ᠦᠨ ᠪᠡᠶ᠎ᠡ ᠪᠡᠨ ᠲᠦᠰᠢᠭᠯᠡᠵᠦ ᠪᠡᠶᠡᠯᠭᠦᠯᠬᠦ ᠬᠦᠳᠡᠯᠭᠡᠭᠡᠨ ᠪᠤᠯᠤᠨ᠃ ᠲᠡᠷᠡ ᠨᠢ ᠡᠰᠡᠷᠭᠦ ᠲᠠᠯ ᠠ ᠶᠢᠨ ᠨᠦᠯᠦᠭᠡ ᠪᠡ ᠬᠠᠷᠰᠢᠯᠠᠯ ᠢ ᠬᠦᠷᠲᠡᠬᠦ ᠦᠭᠡᠢ᠂ ᠪᠤᠰᠤᠳ ᠬᠦᠳᠡᠯᠭᠡᠭᠡᠨ ᠪᠡ ᠮᠡᠷᠭᠡᠵᠢᠯ ᠡᠴᠡ ᠳᠦᠭᠦᠮᠬᠡᠨ ᠬᠦᠳᠡᠯᠭᠡᠭᠡᠨ ᠪᠤᠯᠤᠨ᠎ᠠ᠃ ᠭᠡᠪᠡᠴᠦ ᠤᠷᠤᠯᠳᠤᠭᠠᠨ ᠤ ᠳᠤᠮᠳᠠ ᠪᠦᠮᠪᠦᠭᠡ ᠪᠡᠨ ᠣᠨᠣᠪᠴᠢᠲᠠᠢ ᠢᠯᠡᠭᠡᠵᠦ ᠳᠡᠢ᠌ᠯᠬᠦ ᠦᠭᠡᠢ ᠡᠴᠡ ᠢᠯᠠᠭᠳᠠᠬᠤ ᠦᠵᠡᠭᠳᠡᠯ ᠦᠷᠭᠦᠯᠵᠢ ᠭᠠᠷᠳᠠᠭ᠂ ᠪᠦᠮᠪᠦᠭᠡ ᠢᠯᠡᠭᠡᠬᠦ ᠳᠦ ᠣᠨᠣᠪᠴᠢ ᠶᠢᠨ ᠬᠡᠮᠵᠢᠶ᠎ᠡ ᠲᠤᠢ᠌ᠯ ᠤᠨ ᠳᠤᠤᠷ᠎ᠠ ᠪᠠᠢ᠌ᠪᠠᠯ ᠤᠷᠤᠯᠳᠤᠭᠠᠨ ᠤ ᠦᠷ᠎ᠡ ᠳ᠋ᠦᠩ ᠢ ᠨᠦᠯᠦᠭᠡᠯᠡᠳᠡᠭ᠃ ᠤᠷᠤᠯᠳᠤᠭᠠᠨ ᠳᠤ ᠠᠯᠢ ᠲᠠᠯ᠎ᠠ ᠶᠢᠨ ᠪᠦᠮᠪᠦᠭᠡ ᠢᠯᠡᠭᠡᠬᠦ ᠨᠢ ᠣᠨᠣᠪᠴᠢᠲᠠᠢ ᠪᠤᠯ ᠲᠡᠷᠡ ᠳᠠᠷᠤᠢ ᠤᠷᠤᠯᠳᠤᠭᠠᠨ ᠳᠤ ᠢᠯᠠᠳᠠᠭ᠃ ᠡᠨᠡ ᠨᠢ ᠲᠠᠮᠢᠷᠴᠢᠳ ᠤᠨ ᠪᠦᠮᠪᠦᠭᠡ ᠢᠯᠡᠭᠡᠬᠦ ᠰᠡᠳᠬᠢᠴᠡ ᠶᠢ ᠡᠵᠡᠮᠰᠢᠬᠦ ᠳᠦ ᠰᠡᠳᠬᠢᠴᠡ ᠶᠢᠨ ᠰᠤᠷᠭᠠᠭᠤᠯᠢᠯᠠᠯ ᠢ ᠬᠡᠷᠬᠢᠨ ᠬᠢᠬᠦ᠂ ᠬᠡᠷᠡᠭᠯᠡᠪᠡᠰᠦ ᠵᠤᠬᠢᠬᠤ ᠬᠡᠳᠦᠨ ᠵᠤᠢ᠌ᠯ ᠤᠨ ᠠᠷᠭ᠎ᠠ ᠠᠪᠴᠠᠯ ᠢ ᠳᠤᠷᠠᠳᠤᠨ ᠭᠠᠷᠭᠠᠭᠰᠠᠨ ᠪᠠᠢ᠌ᠨ᠎ᠠ᠃ |
原文 |
查看原文
|
出自 |
内蒙古民族大学学报(自然科学)
2010年
第1期
|