摘要 |
ᠮᠣᠩ᠋ᠭᠤᠯ ᠲᠤᠤᠯᠢᠰ ᠬᠢᠭᠡᠳ ᠭᠠᠳᠠᠭᠠᠳᠤ ᠶᠢᠨ ᠬᠡᠰᠡᠭ ᠲᠤᠤᠯᠢᠰ ᠤᠨ ᠳᠤᠲᠤᠷ᠎ᠠ ᠾᠦᠩᠨᠤ ᠰᠤᠶᠤᠯ ᠤᠨ ᠤᠯᠠ ᠮᠦᠷ ᠪᠠᠢ᠌ᠩ᠋ᠭ᠋ᠤ ᠬᠠᠷᠠᠭᠳᠠᠳᠠᠭ ᠲᠤᠯᠠ ᠮᠣᠩᠭ᠋ᠤᠯ ᠲᠤᠤᠯᠢᠰ ᠬᠢᠭᠡᠳ ᠭᠠᠳᠠᠭᠠᠳᠤ ᠶᠢᠨ ᠲᠤᠤᠯᠢᠰ ᠢ ᠬᠠᠷᠢᠴᠠᠭᠤᠯᠤᠨ ᠰᠤᠳᠤᠯᠬᠤ ᠳᠤ ᠾᠦᠩᠨᠤ ᠬᠡᠯᠡ ᠭᠡᠭ᠍ᠴᠢ ᠴᠤᠬᠤᠮ ᠶᠠᠮᠠᠷ ᠲᠦᠷᠦᠯ ᠦᠨ ᠬᠡᠯᠡ ᠪᠤᠯᠬᠤ᠂ ᠶᠠᠮᠠᠷ ᠰᠤᠶᠤᠯ ᠤᠨ ᠰᠢᠰᠲ᠋ᠧᠮ ᠳᠦ ᠬᠠᠷᠢᠶᠠᠯᠠᠭᠳᠠᠬᠤ᠂ ᠲᠡᠷᠡ ᠨᠢ ᠣᠳᠣ ᠶᠢᠨ ᠶᠠᠮᠠᠷ ᠰᠢᠰᠲ᠋ᠧᠮ ᠤᠨ ᠰᠤᠶᠤᠯ ᠳᠤ ᠵᠠᠯᠭᠠᠮᠵᠢᠯᠠᠭᠳᠠᠭᠰᠠᠨ ᠭᠡᠬᠦ ᠵᠡᠷᠭᠡ ᠠᠰᠠᠭᠤᠳᠠᠯ ᠤᠳ ᠢ ᠰᠤᠳᠤᠯᠤᠨ ᠲᠤᠳᠤᠯᠠᠬᠤ ᠶᠠᠪᠤᠳᠠᠯ ᠠᠶᠠᠨᠳᠠᠭᠠᠨ ᠱᠠᠭᠠᠷᠳᠠᠭᠳᠠᠨ᠎ᠠ᠃ ᠡᠨᠡ ᠨᠢ ᠮᠣᠩᠭ᠋ᠤᠯ ᠰᠤᠳᠤᠯᠭᠠᠨ ᠢ ᠭᠦᠨᠵᠡᠭᠡᠢ᠌ᠷᠡᠭᠦᠯᠬᠦ ᠪᠡ ᠳᠡᠯᠡᠬᠡᠢ ᠶᠢᠨ ᠨᠡᠯᠡᠶᠡᠳ ᠤᠯᠠᠨ ᠦᠨᠳᠦᠰᠦᠲᠡᠨ ᠳᠦ ᠬᠤᠯᠪᠤᠭᠳᠠᠬᠤ ᠬᠡᠯᠡ᠂ ᠲᠡᠦᠬᠡ᠂ ᠤᠳᠬ᠎ᠠ ᠵᠤᠬᠢᠶᠠᠯ ᠵᠡᠷᠭᠡ ᠣᠯᠠᠨ ᠰᠤᠳᠤᠯᠭᠠᠨ ᠤ ᠲᠦᠪᠡᠭ ᠪᠤᠳᠤᠯᠢᠶᠠᠨ ᠲᠠᠢ ᠠᠰᠠᠭᠤᠳᠠᠯ ᠤᠳ ᠢ ᠠᠭᠠᠵᠢᠮ ᠢᠶᠠᠷ ᠰᠢᠢᠳᠪᠦᠷᠢᠯᠡᠬᠦ ᠳᠦ ᠴᠦ ᠲᠤᠳᠠᠭᠲᠠᠵᠤ ᠪᠤᠯᠤᠰᠢ ᠦᠭᠡᠢ ᠴᠢᠬᠤᠯᠠ ᠠᠴᠢ ᠬᠤᠯᠪᠤᠭᠳᠠᠯ ᠲᠠᠢ᠃ ᠲᠤᠰ ᠦᠭᠦᠯᠡᠯ ᠳᠦ ᠂ ᠵᠤᠬᠢᠶᠠᠭᠴᠢ ᠾᠦᠩᠨᠤ ᠬᠡᠯᠡ ᠶᠢ ᠰᠡᠷᠭᠦᠭᠡᠬᠦ ᠭᠡᠵᠦ ᠤᠷᠤᠯᠳᠤᠭᠰᠠᠨ ᠤᠷᠢᠳᠠᠬᠢ ᠬᠦᠮᠦᠰ ᠦᠨ ᠲᠤᠷᠰᠢᠯᠭ᠎ᠠ ᠰᠤᠷᠭᠠᠮᠵᠢ ᠶᠢ ᠰᠢᠩᠭᠡᠭᠡᠵᠦ᠂ ᠰᠤᠶᠤᠯ ᠤᠨ ᠡᠭᠦᠳᠡᠨ ᠡᠴᠡ ᠾᠦᠩᠨᠤ ᠬᠡᠯᠡ ᠶᠢ ᠠᠵᠢᠭᠯᠠᠵᠤ᠂ ᠤᠷᠲᠤ ᠤᠳᠠᠭᠠᠨ ᠲᠡᠦᠬᠡᠨ ᠶᠠᠪᠤᠴᠠ ᠳᠠᠬᠢ ᠠᠪᠢᠶᠠᠨ ᠤ ᠬᠤᠪᠢᠷᠠᠯ᠂ ᠤᠳᠬ᠎ᠠ ᠶᠢᠨ ᠰᠢᠯᠵᠢᠯᠲᠡ ᠬᠤᠪᠢᠷᠠᠯᠲᠠ᠂ ᠬᠢᠲᠠᠳ ᠰᠤᠷᠪᠤᠯᠵᠢ ᠪᠢᠴᠢᠭ᠌ ᠲᠦ ᠲᠡᠮᠳᠡᠭᠯᠡᠭᠳᠡᠭᠰᠡᠨ ᠠᠳᠠᠯᠢ ᠪᠤᠰᠤ ᠣᠷᠴᠢᠭᠤᠯᠭ᠎ᠠ᠂ ᠢᠯᠡᠷᠡᠭᠦᠯᠦᠭᠰᠡᠨ ᠠᠭᠤᠯᠭ᠎ᠠ᠂ ᠮᠣᠩᠭ᠋ᠤᠯ ᠰᠤᠷᠪᠤᠯᠵᠢ ᠪᠢᠴᠢᠭ᠌ ᠲᠦ ᠢᠯᠡᠷᠡᠭᠰᠡᠨ ᠠᠳᠠᠯᠢ ᠰᠤᠶᠤᠯ ᠤᠨ ᠤᠳᠤᠮᠰᠢᠯ᠂ ᠠᠪᠢᠶ᠎ᠠ ᠪᠠ ᠤᠳᠬ᠎ᠠ ᠪᠠᠷ ᠢᠶᠠᠨ ᠲᠤᠬᠢᠷᠠᠯᠴᠠᠬᠤ ᠪᠤᠶᠤ ᠠᠳᠠᠯᠢᠠᠬᠨ ᠬᠡᠯᠪᠡᠷᠢ ᠪᠡᠷ ᠢᠯᠡᠷᠡᠭᠰᠡᠨ ᠦᠭᠡᠰ ᠢ ᠠᠩ᠋ᠬᠠᠷᠤᠯ ᠳᠠᠭᠠᠨ ᠠᠪᠴᠤ᠂ ᠮᠣᠩᠭ᠋ᠤᠯ ᠬᠢᠲᠠᠳ ᠬᠡᠯᠡᠨ ᠦ ᠡᠷᠲᠡᠨ ᠦ ᠠᠪᠢᠶᠠᠨ ᠤ ᠲᠤᠬᠠᠢ ᠰᠤᠳᠤᠯᠭᠠᠨ ᠤ ᠦᠷ᠎ᠡ ᠪᠦᠲᠦᠭᠡᠯ ᠢ ᠠᠰᠢᠭᠯᠠᠨ᠂ ᠬᠢᠲᠠᠳ ᠰᠤᠷᠪᠤᠯᠵᠢ ᠪᠢᠴᠢᠭ᠌ ᠲᠦ ᠲᠡᠮᠳᠡᠭᠯᠡᠭᠳᠡᠭᠰᠡᠨ ᠾᠦᠩᠨᠤ ᠦᠭᠡᠰ ᠡᠴᠡ 《ᠰᠡᠴᠡᠨ》᠂ 《ᠤᠷᠲᠤ》᠂ 《ᠡᠵᠡᠨ》 ᠬᠢᠭᠡᠳ 《ᠳ᠋ᠠᠨ》 ᠳᠠᠭᠠᠪᠤᠷᠢ ᠶᠢ ᠣᠳᠣ ᠶᠢᠨ ᠮᠣᠩᠭ᠋ᠤᠯ ᠬᠡᠯᠡᠨ ᠳᠦ ᠰᠡᠷᠭᠦᠭᠡᠭ᠍ᠰᠡᠨ ᠪᠠᠢ᠌ᠨ᠎ᠠ᠃ |