摘要 |
ᠳᠤᠰ ᠦᠭᠦᠯᠡᠯ ᠳᠤ ᠮᠣᠩᠭᠣᠯ ᠤᠷᠤᠨ ᠳᠡᠬᠢ ᠪᠤᠷᠬᠠᠨ ᠦ ᠱᠠᠰᠢᠨ ᠦ ᠳᠡᠯᠭᠡᠷᠡᠯ ᠦᠷᠨᠢᠯ ᠤᠨ ᠶᠠᠪᠤᠴᠠ ᠳᠤ᠂ ᠬᠤᠪᠢᠯᠠᠢ ᠬᠠᠭᠠᠨ ᠦ ᠴᠠᠮᠪᠤᠢ ᠬᠠᠳᠤᠨ᠂ ᠠᠯᠲᠠᠨ ᠬᠠᠭᠠᠨ ᠦ ᠵᠦᠩᠬᠢᠨ ᠬᠠᠳᠤᠨ᠂ ᠠᠯᠲᠠᠨ ᠬᠠᠭᠠᠨ ᠦ ᠠᠴᠢ ᠲᠠᠢ᠌ᠴᠢᠩ ᠡᠵᠠᠢ ᠶᠢᠨ ᠮᠠᠴᠢᠨ ᠬᠠᠳᠤᠨ᠂ ᠤᠢ᠌ᠷᠠᠳ ᠤᠨ ᠪᠠᠭᠠᠳᠤᠷ ᠬᠤᠩ ᠲᠠᠢ᠌ᠵᠢ ᠶᠢᠨ ᠶᠦᠮᠦ ᠬᠠᠳᠤᠨ᠂ ᠲᠦᠷᠪᠡᠳ ᠰᠠᠷᠠᠩ ᠪᠠᠢ᠌ᠰᠠ ᠶᠢᠨ ᠬᠠᠳᠤᠨ ᠭᠤᠷᠯᠤᠰ ᠵᠠᠮᠰᠦ ᠳᠠᠢ᠌ᠵᠢ ᠶᠢᠨ ᠬᠠᠳᠤᠨ ᠵᠡᠷᠭᠡ ᠮᠣᠩᠭᠣᠯ ᠤᠨ ᠬᠠᠳᠤᠨ ᠬᠦᠩᠵᠦ ᠨᠡᠷ ᠱᠠᠰᠢᠨ ᠦ ᠳᠡᠭᠡᠲᠤ ᠳᠡᠪᠬᠤᠷᠭ᠎ᠠ ᠶᠢᠨ ᠬᠦᠮᠦᠰ ᠤᠨ ᠠᠵᠢᠯᠯᠠᠭ᠎ᠠ ᠶᠢᠨ ᠴᠢᠨᠡᠭᠡ ᠮᠡᠳᠡᠨ ᠳᠠᠮᠵᠢᠵᠦ᠂ ᠱᠠᠰᠢᠨ ᠲᠦᠷᠦ ᠶᠢᠨ ᠠᠵᠢᠯᠯᠠᠭᠠᠨ ᠳᠤ ᠪᠠᠶ ᠠ ᠪᠡᠷ ᠢᠳᠡᠪᠬᠢᠯᠠᠨ ᠤᠷᠤᠯᠴᠠᠵᠤ ᠪᠠᠢ᠌ᠭᠰᠠᠨ ᠪᠦᠭᠡᠳ ᠱᠠᠰᠢᠨ ᠦ ᠨᠤᠮ ᠰᠤᠳᠤᠷ ᠢ ᠲᠤᠷᠠᠳᠬᠠᠨ ᠤᠷᠴᠢᠭᠤᠯᠵᠤ᠂ ᠡᠳ᠋ ᠦᠯᠦᠭ ᠤᠨ ᠦᠭᠯᠢᠭᠡ ᠬᠠᠷᠠᠮ ᠦᠭᠡᠢ ᠡᠷᠭᠦᠵᠦ ᠪᠠᠷᠢᠵᠦ ᠪᠠᠢ᠌ᠭᠰᠠᠨ ᠡᠴᠡ ᠰᠢᠯᠳᠠᠭᠠᠯᠠᠭᠰᠠᠨ ᠡᠴᠡ ᠭᠠᠳᠠᠨ᠎ᠠ᠂ ᠲᠦᠷᠦ ᠶᠢᠨ ᠦᠢᠯᠡᠰ ᠲᠤ ᠱᠠᠰᠢᠨ ᠢ ᠠᠰᠢᠭᠯᠠᠵᠤ ᠬᠠᠭᠠᠳ ᠨᠤᠶᠠᠳ ᠤᠨ ᠶᠢᠨ ᠠᠷᠭ᠎ᠠ ᠪᠤᠳᠤᠯᠭ᠎ᠠ ᠶᠢ ᠳᠤᠤᠱᠯᠠᠭᠤᠯᠵᠤ ᠪᠠᠢ᠌ᠵᠠᠢ ᠬᠡᠵᠦ ᠦᠵᠡᠪᠡ᠃ |