摘要 |
ᠲᠠᠪᠬᠤᠷ ᠬᠣᠯᠪᠤᠭ᠎ᠠ ᠵᠢ ᠵᠠᠷᠢᠮ ᠬᠦᠮᠦᠰ ᠲᠠᠭᠠᠷᠢᠯᠴᠠᠭ᠎ᠠ ᠬᠤᠯᠪᠤᠭ᠎ᠠ ᠭᠡᠵᠦ ᠬᠡᠯᠡᠳᠡᠭ ᠪᠦᠭᠡᠳ ᠲᠠᠩᠬᠠᠢ ᠬᠤᠯᠪᠤᠭ᠎ᠠ ᠭᠡᠵᠦ ᠨᠡᠷᠡᠯᠡᠬᠦ ᠴᠦ ᠪᠤᠢ᠃ ᠡᠨᠡᠬᠦ ᠲᠠᠪᠬᠤᠷ ᠬᠤᠯᠪᠤᠭ᠎ᠠ ᠶᠢᠨ ᠲᠣᠬᠠᠢ ᠦᠭᠦᠯᠡᠯ ᠵᠣᠬᠢᠶᠠᠯ ᠡᠨᠲᠡ ᠲᠡᠨᠲᠡ ᠤᠪᠤᠨ ᠴᠣᠪᠤᠨ ᠨᠡᠢᠲᠡᠯᠡᠭᠳᠡᠵᠦ ᠠᠭᠤᠯᠭ᠎ᠠ᠂ ᠬᠡᠯᠪᠡᠷᠢ᠂ ᠣᠨᠴᠠᠯᠢᠭ ᠤᠨ ᠬᠤᠪᠢ ᠳ᠋ᠤ ᠦᠬᠦᠯᠡᠭᠰᠡᠨ ᠵᠦᠢᠯᠡᠰ ᠬᠠᠷᠠᠭᠳᠠᠬᠤ ᠪᠡᠯᠪᠠᠴᠦ ᠡᠭᠦᠰᠦᠯ ᠤᠨ ᠬᠢᠨᠢ ᠲᠣᠬᠠᠢ ᠶᠠᠷᠢᠭᠰᠠᠨ ᠵᠦᠢᠯᠡᠰ ᠲᠤᠩ ᠬᠤᠮᠰᠠᠬᠠᠨ ᠪᠠᠢᠨ ᠠ᠃ ᠲᠠᠪᠬᠤᠷ ᠬᠤᠯᠪᠤᠭ᠎ᠠ ᠪᠣᠯ ᠬᠤᠯᠪᠤᠭ᠎ᠠ ᠬᠡᠮᠡᠬᠦ ᠢᠷᠠᠭᠤ ᠨᠠᠢᠷᠠᠭ ᠤᠨ ᠴᠢᠬᠤᠯᠠ ᠨᠢᠭᠡᠨ ᠲᠦᠷᠦᠯ ᠵᠦᠢᠯ ᠳ᠋ᠤ ᠲᠤᠭᠠᠴᠠᠭᠲᠠᠬᠤ ᠪᠦᠭᠡᠳ ᠮᠣᠩᠭᠯᠤ ᠤᠷᠠᠨ ᠵᠣᠬᠢᠶᠠᠯ ᠤᠨ ᠲᠡᠦᠡᠨ ᠳ᠋ᠤ ᠴᠦ ᠵᠣᠬᠢᠬᠤ ᠪᠠᠢᠷᠢ ᠰᠠᠭᠤᠷᠢ ᠵᠢ ᠡᠵᠡᠯᠡᠳᠡᠭ ᠶᠣᠮ᠃ ᠡᠢᠮᠦ ᠡᠴᠡ ᠲᠡᠭᠦᠨ ᠤ ᠡᠭᠦᠰᠦᠯ ᠤᠨ ᠲᠣᠬᠠᠢ ᠠᠵᠢᠭᠯᠠᠯᠲᠠ ᠵᠢᠵᠦ ᠲᠤᠳᠤᠷᠬᠠᠢᠯᠠᠬᠤ ᠶᠠᠪᠤᠳᠠᠯ ᠨᠢ ᠲᠤᠩ ᠴᠢᠬᠤᠯᠠ ᠠᠴᠢ ᠬᠤᠯᠪᠤᠭᠳᠠᠯ ᠲᠠᠢ ᠪᠢᠯᠡ᠃
|