摘要 |
ᠦᠭᠦᠯᠡᠯ ᠳᠤ ᠭᠤᠤᠯᠳᠠᠭᠤ ᠪᠡᠭᠡᠵᠢᠩ ᠪᠠᠷ ᠤᠨ 《 ᠭᠡᠰᠡᠷ 》 ᠪᠤᠯᠤᠨ ᠪᠤᠷᠢᠶᠠᠳ 《ᠭᠡᠰᠡᠷ》 ᠤᠨ ᠲᠤᠭᠤᠵᠢ ᠳᠤ ᠭᠤᠤᠯᠴᠢᠯᠠᠨ ᠲᠦᠷᠰᠦᠯᠡᠭᠳᠡᠭᠰᠡᠨ ᠡᠮᠡᠭᠳᠡᠢ᠌ᠴᠦᠳ ᠤᠨ ᠲᠦᠷᠢ ᠨᠤᠭᠦᠳ ᠢ ᠬᠠᠷᠢᠴᠠᠭᠤᠯᠤᠯ ᠤᠨ ᠠᠷᠭ᠎ᠠ ᠪᠡᠷ ᠵᠠᠩ ᠴᠢᠨᠠᠷ᠂ ᠦᠢᠯᠡ ᠠᠵᠢᠯᠯᠠᠭ᠎ᠠ ᠶᠢᠨ ᠬᠢᠨᠢ ᠨᠡᠢ᠌ᠳᠡᠯᠢᠭ ᠪᠠ ᠦᠪᠡᠷᠮᠢᠴᠡ ᠤᠨᠴᠠᠯᠢᠭ ᠢ ᠦᠨᠳᠦᠰᠦᠯᠡᠨ 《ᠬᠠᠳᠤᠳ ᠤᠨ ᠲᠦᠷᠢ 》᠂ 《 ᠰᠠᠬᠢᠭᠤᠯᠰᠤᠨᠴᠢᠯᠠᠭᠰᠠᠨ ᠲᠦᠷᠢ》᠂《ᠮᠠᠩᠭ᠋ᠤᠰ ᠤᠨ ᠡᠬᠡᠴᠢ ᠶᠢᠨ ᠲᠦᠷᠢ 》 ᠬᠡᠮᠡᠨ ᠭᠤᠷᠪᠠ ᠠᠩᠭᠢᠯᠠᠨ ᠰᠢᠨᠵᠢᠯᠡᠭᠡᠳ᠂ ᠲᠡᠳᠡᠭᠡᠷ ᠲᠦᠷᠢ ᠶᠢᠨ ᠲᠤᠤᠯᠢ ᠶᠢᠨ ᠦᠢᠯᠡ ᠶᠠᠪᠤᠳᠠᠯ ᠳᠤ ᠦᠵᠡᠭᠦᠯᠦᠭᠰᠡᠨ ᠰᠢᠢᠳᠪᠦᠷᠢᠯᠡᠭᠴᠢ ᠴᠢᠨᠠᠷ ᠲᠠᠢ ᠦᠢᠯᠡᠳᠦᠯ ᠢ ᠨᠢ ᠤᠮᠳᠤᠭᠠᠢ᠌ᠯᠠᠵᠤ ᠪᠤᠯᠤᠰᠢ ᠦᠭᠡᠢ ᠭᠡᠵᠦ ᠦᠵᠡᠭᠰᠡᠨ ᠪᠦᠭᠡᠳ ᠡᠮᠡᠭᠳᠡᠢ᠌ᠴᠦᠳ ᠤᠨ ᠲᠦᠷᠢ ᠪᠡᠷ ᠲᠠᠮᠵᠢᠨ ᠢᠯᠡᠷᠡᠭᠰᠡᠨ ᠤᠵᠠᠭᠤᠷ ᠮᠤᠩᠭ᠋ᠤᠯᠴᠤᠳ ᠤᠨ ᠰᠤᠶᠤᠯ ᠰᠡᠳᠭᠢᠴᠡ ᠶᠢᠨ ᠤᠯᠠ ᠮᠦᠷ ᠢ ᠬᠠᠢ᠌ᠨ ᠰᠦᠪᠡᠭ᠍ᠴᠢᠯᠡᠪᠡ᠃ |