论文信息


题名 ᠡᠷᠲᠡᠨ ᠦ ᠰᠤᠷᠪᠤᠯᠵᠢᠰ ᠠᠴᠠ ᠮᠣᠩᠭᠤᠯ ᠶᠠᠲᠤᠭ᠎ᠠ ᠶᠢᠨ ᠡᠭᠦᠰᠦᠯ ᠬᠦᠭ᠍ᠵᠢᠯ ᠢ ᠰᠢᠨᠵᠢᠯᠡᠬᠦ ᠨᠢ
作者 ᠡᠷᠳᠡᠨᠢ
关键词 ᠡᠷᠲᠡᠨ ᠦ ᠰᠤᠷᠪᠤᠯᠵᠢᠰ; ᠮᠣᠩ᠋ᠭᠤᠯ ᠶᠠᠲᠤᠭ᠎ᠠ; ᠬᠢᠲᠠᠳ ᠶᠠᠲᠤᠭ᠎ᠠ; ᠠᠭᠤᠢ ᠶᠡᠬᠡ ᠶᠠᠲᠤᠭ᠎ᠠ; ᠡᠭᠦᠰᠦᠯ ᠬᠦᠭ᠍᠍ᠵᠢᠯ; ᠶᠠᠩᠵᠤ ᠬᠡᠯᠪᠡᠷᠢ; ᠴᠢᠪᠠᠭᠳᠠᠬᠤ ᠵᠠᠩ ᠦᠢᠯᠡ
摘要 ᠮᠣᠩᠭᠤᠯ ᠶᠠᠲᠤᠭ᠎ᠠ ᠪᠤᠯ ᠮᠣᠩᠭᠤᠯ ᠦᠨᠳᠦᠰᠦᠲᠡᠨ ᠦ ᠴᠢᠪᠠᠭᠳᠠᠯᠲᠤ ᠬᠦᠭ᠍ᠵᠢᠮ ᠦᠨ ᠨᠢᠭᠡ ᠵᠤᠢ᠌ᠯ ᠪᠤᠯᠤᠨ᠎ᠠ᠃ ᠡᠳᠦᠭᠡ ᠮᠣᠩᠭᠤᠯ ᠶᠠᠲᠤᠭ᠎ᠠ ᠪᠤᠯᠤᠨ ᠬᠢᠲᠠᠳ ᠶᠠᠲᠤᠭ᠎ᠠ᠂ ᠬᠢᠲᠠᠳ ᠤᠨ ᠠᠭᠤᠢ ᠶᠡᠬᠡ ᠶᠠᠲᠤᠭ᠎ᠠ ᠶᠢᠨ ᠬᠤᠭᠤᠷᠤᠨᠳᠤᠬᠢ ᠬᠠᠷᠢᠴᠠᠭ᠎ᠠ ᠬᠤᠯᠪᠤᠭ᠎ᠠ ᠵᠢᠴᠢ ᠲᠡᠳᠡᠭᠡᠷ ᠦᠨ ᠡᠭᠦᠰᠦᠯ ᠬᠦᠭ᠍ᠵᠢᠯ᠂ ᠤᠯᠠᠷᠢᠯ ᠬᠤᠪᠢᠷᠠᠯ ᠤᠨ ᠲᠤᠬᠠᠢ ᠬᠠᠷᠠᠬᠠᠨ ᠲᠤᠳᠤᠷᠬᠠᠢ᠌ᠯᠠᠵᠤ ᠴᠢᠳᠠᠭ᠎ᠠ ᠦᠭᠡᠢ ᠪᠠᠢ᠌ᠭᠰᠠᠭᠠᠷ᠃ ᠮᠣᠩ᠋ᠭᠤᠯ ᠬᠢᠲᠠᠳ ᠰᠤᠷᠪᠤᠯᠵᠢ ᠲᠡᠮᠳᠡᠭᠯᠡᠯ᠂ ᠠᠮᠠᠨ ᠤᠯᠠᠮᠵᠢᠯᠠᠯ᠂ ᠤᠷᠠᠨ ᠪᠦᠲᠦᠭᠡᠯ ᠳᠡᠬᠢ ᠳᠦᠷᠰᠦᠯᠡᠯ ᠵᠢᠷᠤᠭᠯᠠᠯ ᠵᠡᠷᠭᠡ ᠶᠢ ᠦᠨᠳᠦᠰᠦᠯᠡᠪᠡᠯ᠂ ᠮᠣᠩ᠋ᠭᠤᠯ ᠶᠠᠲᠤᠭ᠎ᠠ ᠶᠡᠷᠦ ᠨᠢ ᠵᠢᠷᠭᠤᠭᠠᠨ ᠴᠪᠠᠭᠳᠠᠰᠤ᠂ ᠳᠤᠯᠤᠭᠠᠨ ᠴᠢᠪᠠᠭᠳᠠᠰᠤ᠂ ᠨᠠᠢᠮᠠᠨ ᠴᠢᠪᠠᠭᠳᠠᠰᠤ᠂ ᠠᠷᠪᠠᠨ ᠴᠢᠪᠠᠭᠳᠠᠰᠤ᠂ ᠠᠷᠪᠠᠨ ᠬᠤᠶᠠᠷ ᠴᠢᠪᠠᠭᠳᠠᠰᠤ᠂ ᠠᠷᠪᠠᠨ ᠭᠤᠷᠪᠠᠨ ᠴᠢᠪᠠᠭᠳᠠᠰᠤ᠂ ᠠᠷᠪᠠᠨ ᠳᠦᠷᠪᠡᠨ ᠴᠢᠪᠠᠭᠳᠠᠰᠤ᠂ ᠠᠷᠪᠠᠨ ᠵᠢᠷᠭᠤᠭᠠᠨ ᠴᠢᠪᠠᠭᠳᠠᠰᠤ ᠪᠤᠶᠤ ᠣᠳᠤᠬᠠᠨ ᠤ ᠠᠷᠪᠠᠨ ᠶᠢᠰᠦᠨ ᠴᠢᠪᠠᠭᠳᠠᠰᠤ ᠪᠤᠯᠵᠤ ᠬᠤᠪᠢᠷᠠᠭᠰᠠᠨ ᠤᠷᠲᠤ ᠤᠳᠠᠭᠠᠨ ᠲᠡᠦᠬᠡ ᠲᠡᠢ ᠪᠦᠭᠡᠳ ᠬᠢᠲᠠᠳ ᠤᠨ ᠠᠭᠤᠢ ᠶᠡᠬᠡ ᠶᠠᠲᠤᠭ᠎ᠠ ᠯᠤᠭ᠎ᠠ ᠨᠢᠭᠡᠨ ᠦᠶ᠎ᠡ ᠶᠢᠨ ᠬᠦᠭ᠍ᠵᠢᠮ ᠪᠠᠢ᠌ᠵᠤ ᠮᠡᠳᠡᠨ᠎ᠡ᠃ ᠬᠠᠷᠢᠨ ᠬᠢᠲᠠᠳ ᠶᠠᠲᠤᠭ᠎ᠠ ᠪᠤᠯ ᠴᠢᠨ ᠤᠯᠤᠰ ᠤᠨ ᠶᠡᠬᠡ ᠵᠠᠩᠵᠤᠨ ᠮᠧᠩ ᠲᠢᠶᠠᠨ ᠪᠠᠷ ᠾᠦᠩᠨᠤ ᠶᠢᠨ ᠶᠠᠲᠤᠭ᠎ᠠ ᠶᠢ ᠦᠨᠳᠦᠰᠦᠡᠨ ᠤᠤᠯ ᠤᠨ 《ᠲᠠᠪᠤᠨ ᠴᠢᠪᠠᠭᠳᠠᠰᠤ ᠶᠠᠲᠤᠭᠠᠯᠢᠭ ᠬᠦᠭ᠍ᠵᠢᠮ》᠋ ᠢᠶᠡᠨ ᠦᠭᠡᠷᠡᠴᠢᠯᠡᠵᠦ᠂ 《ᠠᠭᠤᠢ ᠶᠡᠬᠡ ᠶᠠᠲᠤᠭ᠎ᠠ ᠰᠢᠭ》ᠪᠤᠯᠭᠠᠭᠰᠠᠨ ᠠᠴᠠ ᠡᠭᠦᠰᠦᠭᠰᠡᠨ ᠪᠤᠯᠤᠮᠵᠢ ᠲᠠᠢ ᠶᠤᠮ᠃ ᠮᠣᠩ᠋ᠭᠤᠯ ᠶᠠᠲᠤᠭ᠎ᠠ ᠶᠢᠨ ᠪᠦᠲᠦᠴᠡ ᠬᠡᠯᠪᠡᠷᠢ᠂ ᠴᠢᠪᠠᠭᠳᠠᠰᠤ ᠠᠷᠭ᠎ᠠ ᠮᠠᠶ‍ᠢᠭ᠂ ᠬᠡᠪ ᠨᠠᠮᠪᠠ ᠪᠤᠯᠤᠨ ᠴᠢᠪᠠᠭᠳᠠᠰᠤ ᠵᠠᠩ ᠦᠢᠯᠡ ᠨᠢ ᠬᠢᠲᠠᠳ ᠶᠠᠲᠤᠭ᠎ᠠ ᠠᠴᠠ ᠦᠰᠦᠳ ᠦᠭᠡᠷ᠎ᠡ ᠪᠠᠢ᠌ᠳᠠᠭ᠃
原文 查看原文
出自 中国蒙古学 2012年 第6期

联系我们


内蒙古大学图书馆
呼和浩特市大学西路235号
中国·内蒙古
P: (0471) 4992561
E: huangfeilong@imu.edu.cn