摘要 |
ᠲᠤᠤᠯᠢᠰ ᠤᠨ ᠰᠢᠯᠭᠠᠬᠤ ᠤᠷᠤᠭ ᠤᠨ ᠰᠤᠳᠤᠯᠤᠯ ᠨᠢ ᠰᠤᠶᠤᠯ ᠵᠦᠢ ᠤᠨ ᠬᠠᠷᠢᠶᠠᠨ ᠳᠤ ᠪᠠᠭᠲᠠᠵᠤ᠂ ᠰᠢᠯᠭᠠᠬᠤ ᠤᠷᠤᠭ ᠪᠦᠬᠦᠢ ᠲᠤᠤᠯᠢᠰ ᠤᠨ ᠰᠤᠳᠤᠯᠤᠯ ᠨᠢ ᠲᠤᠤᠯᠢᠰ ᠤᠨ ᠤᠬᠠᠭᠠᠨ ᠦ ᠰᠤᠳᠤᠯᠤᠯ ᠤᠨ ᠬᠠᠷᠢᠶᠠᠨ ᠳᠤ ᠪᠠᠭᠲᠠᠨ᠎ᠠ᠂ ᠪᠦᠬᠦᠢ᠌ᠯᠡ 20 ᠳ᠋ᠤᠭᠠᠷ ᠵᠠᠭᠤᠨ ᠳᠤ ᠮᠣᠩᠭᠣᠯ ᠪᠠᠭᠠᠳᠤᠷᠯᠢᠭ ᠲᠤᠤᠯᠢᠰ ᠤᠨ ᠰᠢᠯᠭᠠᠬᠤ ᠤᠷᠤᠭ ᠪᠤᠶᠤ ᠰᠢᠯᠭᠠᠬᠤ ᠤᠷᠤᠭ ᠪᠦᠬᠦᠢ ᠲᠤᠤᠯᠢᠰ ᠤᠨ ᠰᠤᠳᠤᠯᠤᠯ ᠪᠠᠶᠠᠷᠯᠠᠭᠤᠰᠢᠲᠠᠢ ᠠᠮᠵᠢᠯᠲᠠ ᠶᠢ ᠤᠯᠤᠭᠰᠠᠨ ᠪᠠᠢ᠌ᠨ᠎ᠠ᠃ ᠲᠤᠤᠯᠢᠰ ᠤᠨ ᠰᠢᠯᠭᠠᠬᠤ ᠤᠷᠤᠭ ᠤᠨ ᠰᠤᠳᠤᠯᠤᠯ ᠨᠢ ᠰᠢᠯᠭᠠᠬᠤ ᠤᠷᠤᠭ ᠪᠦᠬᠦᠢ ᠲᠤᠤᠯᠢᠰ ᠤᠨ ᠰᠤᠳᠤᠯᠤᠯ ᠤᠨ ᠬᠥᠭ᠍ᠵᠢᠯᠲᠠ ᠡᠴᠡ ᠬᠤᠵᠢᠳ ᠪᠠᠢ᠌ᠵᠤ᠂ ᠮᠣᠩᠭᠣᠯ ᠪᠠᠭᠠᠳᠤᠷᠯᠢᠭ ᠲᠤᠤᠯᠢᠰ ᠤᠨ ᠰᠤᠳᠤᠯᠤᠯ ᠤᠨ ᠬᠠᠷᠢᠶᠠᠨ ᠦ ᠨᠢᠭᠡᠨ ᠪᠠᠭᠤᠷᠠᠢ ᠲᠠᠯ ᠠ ᠪᠤᠯᠵᠤ ᠪᠤᠢ᠃ |