摘要 |
ᠮᠣᠩ᠋ᠭᠤᠯ ᠶᠠᠪᠠᠭᠠᠨ ᠦᠯᠢᠭᠡᠷ ᠮᠤᠷᠢᠨ ᠤ ᠳᠦᠷᠢ ᠵᠦᠩᠳᠡᠭᠡᠨ ᠢᠯᠡᠷᠡᠳᠡᠭ ᠪᠦᠭᠡᠳ ᠮᠠᠰᠢ ᠰᠤᠨᠢᠷᠬᠠᠯᠲᠠᠢ ᠨᠢᠭᠡᠨ ᠰᠤᠶᠤᠯ ᠤᠨ ᠦᠵᠡᠭᠳᠡᠯ ᠢᠶᠡᠷ ᠤᠯᠠᠮᠵᠢᠯᠠᠭᠳᠠᠭᠰᠠᠭᠠᠷ ᠢᠷᠡᠵᠡᠢ᠃ ᠦᠭᠦᠯᠡᠯ ᠳᠦ ᠶᠠᠭᠤᠨ ᠤ ᠡᠮᠦᠨ᠎ᠡ ᠤᠯᠠᠮᠵᠢᠯᠠᠯᠲᠤ ᠰᠤᠶᠤᠯ ᠤᠨ ᠲᠤᠭᠲᠠᠪᠤᠷᠢᠰᠢᠯ ᠪᠠ ᠨᠡᠭᠦᠳᠡᠯᠴᠢᠨ ᠠᠮᠢᠳᠤᠷᠠᠯ ᠤᠨ ᠵᠠᠭᠪᠤᠷᠰᠢᠯ ᠬᠡᠮᠡᠬᠦ ᠬᠤᠶᠠᠷ ᠲᠠᠯ᠎ᠠ ᠠᠴᠠ ᠡᠭᠦᠨ ᠦ ᠡᠭᠦᠰᠦᠯ ᠲᠦᠯᠦᠪᠰᠢᠷᠡᠯ ᠦᠨ ᠲᠤᠬᠠᠢ ᠰᠢᠨᠵᠢᠯᠵᠦ ᠳᠠᠷᠠᠭ᠎ᠠ ᠳᠤᠨᠢ ᠶᠠᠪᠠᠭᠠᠨ ᠦᠯᠢᠭᠡᠷ ᠲᠡᠬᠢ ᠮᠤᠷᠢᠨ ᠤ ᠳᠦᠷᠢ ᠶᠢᠨ ᠣᠨᠴᠠᠯᠢᠭ ᠢ ᠨᠢ ᠰᠠᠬᠢᠭᠤᠯᠰᠤᠨ ᠰᠢᠲᠦᠭᠡᠨ ᠳᠦᠷᠢ᠂ ᠤᠬᠠᠭᠠᠯᠢᠭ ᠮᠡᠷᠭᠡᠨ ᠳᠦᠷᠢ᠂ ᠪᠠᠭᠠᠲᠤᠷᠯᠢᠭ ᠬᠦᠴᠦᠲᠡᠨ ᠳᠦᠷᠢ᠂ ᠲᠦᠮᠡᠨ ᠳᠡᠭᠡᠨ ᠲᠦᠰᠢᠭ᠌ ᠲᠡᠢ ᠳᠦᠷᠢ᠂ ᠬᠤᠱᠤᠩ ᠬᠦᠭᠡᠷᠦᠭᠦᠢ ᠳᠦᠷᠢ ᠭᠡᠬᠦ ᠮᠡᠲᠦ ᠬᠡᠳᠦᠨ ᠲᠠᠯ᠎ᠠ ᠠᠴᠠ ᠨᠢ ᠪᠤᠳᠠᠲᠠᠢ ᠰᠤᠳᠤᠯᠤᠭᠰᠠᠨ ᠪᠠᠢ᠌ᠨ᠎ᠠ᠃ ᠰᠡᠭᠦᠯ ᠦᠨ ᠬᠡᠰᠡᠭ ᠲᠦ ᠶᠠᠪᠠᠭᠠᠨ ᠦᠯᠢᠭᠡᠷ ᠲᠡᠬᠢ ᠮᠤᠷᠢᠨ ᠤ ᠳᠦᠷᠢ ᠶᠢᠨ ᠭᠤᠤ᠎ᠠ ᠵᠦᠢ ᠶᠢᠨ ᠦᠨ᠎ᠡ ᠴᠠᠨ᠎ᠠ ᠶᠢ ᠢᠯᠡᠷᠬᠡᠢ᠌ᠯᠡᠨ᠂ ᠨᠡᠢ᠌ᠭᠡᠮ ᠦᠨ ᠴᠢᠳᠠᠪᠬᠢ ᠶᠢ ᠦᠭᠦᠯᠡᠵᠡᠢ᠃ |