摘要 |
ᠮᠤᠩᠭ᠋ᠤᠯ《ᠭᠡᠰᠡᠷ》 ᠤᠨ ᠤᠯᠠᠨ ᠬᠤᠪᠢᠯᠪᠤᠷᠢ ᠶᠢᠨ ᠨᠢᠬᠡ ᠪᠤᠯᠤᠭᠰᠠᠨ ᠪᠠᠭᠠᠷᠢᠨ《ᠭᠡᠰᠡᠷ》 ᠨᠢ ᠪᠠᠭᠠᠷᠢᠨ ᠨᠤᠳᠤᠭ ᠲᠤ ᠳᠠᠷᠬᠠᠨ ᠤᠯᠠᠮᠵᠢᠯᠠᠭᠳᠠᠵᠤ᠂ ᠬᠦᠭ᠍ᠵᠢᠨ ᠳᠡᠬᠦᠯᠳᠡᠷᠵᠢᠭᠰᠡᠨ ᠪᠠᠢᠢᠨ᠎ᠠ᠃ ᠪᠠᠭᠠᠷᠢᠨ《ᠭᠡᠰᠡᠷ》 ᠨᠢ ᠰᠢᠯᠤᠭ᠌ ᠤᠨ ᠬᠡᠯᠪᠡᠷᠢ ᠪᠡᠷ ᠳᠠᠮᠳᠡᠭᠯᠡᠭᠳᠡᠨ ᠪᠢᠴᠢᠭ᠍ᠳᠠᠵᠤ᠂ ᠬᠡᠰᠡᠷᠴᠢᠳ ᠬᠤᠭᠤᠷᠳᠠᠨ ᠲᠠᠭᠤᠯᠠᠭᠰᠠᠨ ᠡᠴᠡ ᠴᠤᠭᠤᠷ ᠲᠤᠤᠯᠢ ᠶᠢᠨ ᠬᠦᠩᠬᠢᠨᠡᠬᠦᠨ ᠰᠦᠷᠯᠢᠭᠵᠢᠬᠦᠨ ᠠᠭᠤᠷ ᠠᠮᠢᠰᠬᠤᠯ ᠢ ᠪᠤᠢ ᠪᠤᠯᠭᠠᠭᠰᠠᠨ ᠪᠦᠭᠡᠳ ᠨᠤᠳᠤᠭ ᠤᠰᠤᠨ ᠤ ᠳᠤᠮᠤᠭ ᠤᠨ ᠰᠢᠰᠲ᠋ᠸᠮ ᠢ ᠴᠤ ᠪᠦᠷᠢᠯᠳᠤᠬᠦᠯᠵᠠᠢ᠃ ᠠᠢᠢᠮᠤ ᠡᠴᠡ ᠪᠠᠭᠠᠷᠢᠨ 《ᠭᠡᠰᠡᠷ》 ᠨᠢ ᠪᠤᠰᠤᠳ ᠮᠤᠩᠭ᠋ᠤᠯ《ᠭᠡᠰᠡᠷ》 ᠤᠨ ᠲᠤᠤᠯᠢ ᠡᠴᠡ ᠢᠯᠭᠠᠭᠳᠠᠬᠤ ᠦᠪᠡᠷᠮᠢᠴᠠ ᠬᠡᠪ ᠨᠠᠮᠪᠠ ᠪᠡᠷ ᠶᠢᠨᠨ ᠮᠤᠩᠭ᠋ᠤᠯ《ᠬᠡᠰᠡᠷ》 ᠤᠨ ᠮᠤᠲ᠋ᠢᠹ ᠢ ᠪᠠᠶᠠᠯᠢᠭᠵᠢᠭᠤᠯᠵᠤ᠂ ᠭᠡᠰᠡᠷ ᠤᠨ ᠳᠦᠷᠢ ᠵᠢ ᠤᠯᠠᠮ ᠰᠦᠷᠯᠢᠬᠦᠨ ᠪᠤᠯᠭᠠᠭᠰᠠᠨ ᠪᠠᠢᠢᠨ᠎ᠠ᠃ |