摘要 |
ᠦᠭᠦᠯᠡᠯ ᠳᠦ ᠮᠠᠨᠵᠤ ᠶᠢᠨ ᠨᠤᠶᠠᠷᠬᠠᠭᠴᠢᠳ ᠬᠤᠱᠤᠳ ᠮᠣᠩᠭᠤᠯᠴᠤᠳ ᠢ ᠡᠷᠬᠡᠰᠢᠶᠡᠯ ᠳᠡᠭᠡᠨ ᠣᠷᠤᠭᠤᠯᠬᠤ ᠳᠠᠭᠠᠨ ᠨᠢᠭᠡᠳᠦᠭᠡᠷ ᠠᠯᠬᠤᠮ ᠳᠤ ᠭᠠᠯᠳᠠᠨ ᠢ ᠳᠠᠢ᠌ᠯᠠᠬᠤ ᠶᠢᠨ ᠲᠠᠰᠢᠷᠠᠮ ᠢᠶᠠᠷ ᠬᠦᠬᠡᠨᠠᠭᠤᠷ ᠤᠨ ᠳᠠᠢ᠌ᠵᠢ ᠨᠠᠷ ᠢ ᠪᠡᠶ᠎ᠡ ᠳᠡᠭᠡᠨ ᠲᠠᠲᠠᠵᠤ ᠠᠪᠤᠭᠰᠠᠨ ᠢ; ᠬᠤᠶᠠᠳᠤᠭᠠᠷ ᠠᠯᠬᠤᠮ ᠳᠤ ᠬᠤᠱᠤᠳ ᠪᠤᠯᠤᠨ ᠲᠦᠪᠡᠳ ᠦᠨ ᠳᠡᠭᠡᠳᠦ ᠳᠠᠪᠬᠤᠷᠭᠠᠲᠠᠨ ᠤ ᠵᠦᠷᠢᠴᠡᠯ ᠢ ᠠᠰᠢᠭᠯᠠᠨ ᠬᠤᠱᠤᠳ ᠢ ᠤᠯᠠᠮ ᠨᠢᠭᠡ ᠠᠯᠬᠤᠮ ᠪᠡᠶ᠎ᠡ ᠳᠡᠭᠡᠨ ᠲᠠᠲᠠᠭᠰᠠᠨ; ᠭᠤᠷᠪᠠᠳᠤᠭᠠᠷ ᠠᠯᠬᠤᠮ ᠳᠤ ᠵᠦᠩ᠋ᠭᠠᠷ ᠤᠨ ᠴᠡᠷᠢᠭ ᠢ ᠲᠦᠪᠡᠳ ᠡᠴᠡ ᠬᠦᠭᠡᠭᠡᠵᠦ ᠭᠠᠷᠭᠠᠬᠤ ᠶᠢᠨ ᠳᠠᠭᠠᠤ ᠲᠦᠪᠡᠳ ᠲᠡᠬᠢ ᠬᠤᠱᠤᠳ ᠤᠨ ᠡᠷᠬᠡ ᠶᠢ ᠤᠷᠠᠨ ᠢᠶᠠᠷ ᠣᠷᠤᠯᠠᠭᠰᠠᠨ; ᠳᠦᠷᠪᠡᠳᠦᠭᠡᠷ ᠠᠯᠬᠤᠮ ᠳᠤ ᠬᠦᠬᠡᠨᠠᠭᠤᠷ ᠲᠤ ᠴᠡᠷᠢᠭ ᠣᠷᠤᠭᠤᠯᠵᠤ ᠬᠤᠱᠤᠳ ᠢ ᠲᠤᠢ᠌ᠯᠠᠪᠤᠷᠢᠲᠠᠢ ᠪᠠᠢ᠌ᠯᠳᠤᠨ ᠳᠠᠭᠠᠭᠤᠯᠤᠭᠰᠠᠨ ᠭᠡᠵᠦ ᠦᠵᠡᠵᠡᠢ᠃ |