题名 |
ᠬᠦᠯᠦᠨ ᠪᠤᠢ᠌ᠢᠷ ᠬᠤᠲᠠ ᠶᠢᠨ ᠣᠷᠤᠨ ᠪᠦᠰᠡ ᠶᠢᠨ ᠠᠵᠤ ᠠᠬᠤᠢ ᠶᠢᠨ ᠬᠦᠭ᠍ᠵᠢᠯᠲᠡ ᠶᠢᠨ ᠲᠤᠬᠠᠢ ᠵᠠᠳᠠᠯᠤᠯᠲᠠ |
作者 |
ᠯᠢ ᠯᠢ |
关键词 |
ᠬᠦᠯᠦᠨ ᠪᠤᠢ᠌ᠢᠷ ᠬᠤᠲᠠ; ᠣᠷᠤᠨ ᠪᠦᠰᠡ; ᠠᠵᠤ ᠠᠬᠤᠢ ᠶᠢᠨ ᠬᠦᠭ᠍ᠵᠢᠯᠲᠡ; ᠵᠠᠳᠠᠯᠤᠯᠲᠠ |
摘要 |
ᠦᠭᠦᠯᠡᠯ ᠳᠦ ᠬᠦᠯᠦᠨ ᠪᠤᠢ᠌ᠷ ᠬᠤᠲᠠ ᠶᠢᠨ ᠣᠷᠤᠨ ᠪᠦᠰᠡ ᠶᠢᠨ ᠠᠵᠤ ᠠᠬᠤᠢ ᠶᠢᠨ ᠬᠦᠭ᠍ᠵᠢᠯᠲᠡ ᠶᠢᠨ ᠣᠨᠴᠠᠯᠢᠭ ᠢ ᠭᠤᠤᠯᠳᠠᠯᠭ᠎ᠠ ᠲᠠᠢ ᠦᠭᠦᠯᠡᠪᠡ᠃ ᠭᠡᠬᠦ ᠳᠡᠭᠡᠨ ᠨᠢᠭᠡ ᠲᠠᠯ᠎ᠠ ᠪᠠᠷ ᠬᠤᠳᠠᠵᠢᠯ ᠤᠨ ᠬᠢᠷᠢ ᠲᠦᠪᠰᠢᠨ ᠲᠠᠰᠤᠷᠠᠯᠲᠠ ᠦᠭᠡᠢ ᠳᠡᠭᠡᠭ᠍ᠰᠢᠯᠡᠵᠦ᠂ ᠠᠵᠤ ᠦᠢᠯᠡᠰ ᠦᠨ ᠪᠦᠲᠦᠴᠡ ᠤᠯᠠᠮ ᠢᠶᠠᠷ ᠵᠤᠬᠢᠰᠲᠠᠢ ᠪᠤᠯᠵᠤ᠂ ᠠᠵᠤ ᠠᠬᠤᠢ ᠶᠢᠨ ᠬᠦᠭ᠍ᠵᠢᠯᠲᠡ ᠶᠢᠨ ᠣᠷᠴᠢᠨ ᠲᠤᠭᠤᠷᠢᠨ ᠡᠳᠦᠷ ᠢᠷᠡᠬᠦᠶ᠎ᠡ ᠰᠢᠯᠢᠳᠡᠭᠵᠢᠨ᠂ ᠲᠦᠭᠰᠢᠭᠦᠷᠢᠲᠦ ᠤᠬᠠᠮᠰᠠᠷ᠂ ᠰᠢᠨ᠎ᠡ ᠶᠢ ᠡᠭᠦᠳᠬᠦ ᠤᠬᠠᠮᠰᠠᠷ ᠢᠯᠡᠳᠲᠡ ᠴᠢᠩ᠋ᠭᠠᠷᠠᠪᠠ; ᠨᠦᠬᠦᠭᠡ ᠲᠠᠯ᠎ᠠ ᠪᠠᠷ ᠬᠤᠲᠠ ᠶᠢᠨ ᠡᠭᠦᠷᠭᠡ ᠴᠢᠳᠠᠪᠬᠢ ᠬᠠᠷᠢᠴᠠᠩ᠋ᠭᠤᠢ ᠪᠠᠷ ᠳᠤᠷᠤᠢ ᠪᠠᠭᠤᠷᠠᠢ ᠪᠠᠢ᠌ᠵᠤ᠂ ᠠᠵᠤ ᠦᠢᠯᠡᠰ ᠦᠨ ᠪᠦᠲᠦᠴᠡ ᠶᠢᠨ ᠠᠵᠤ ᠠᠬᠤᠢ ᠳᠤ ᠦᠵᠡᠭᠦᠯᠬᠦ ᠦᠢᠯᠡᠳᠦᠯ ᠲᠡᠢ᠌ᠮᠦ ᠢᠯᠡᠷᠬᠡᠢ ᠪᠢᠰᠢ᠂ ᠣᠷᠴᠢᠨ ᠲᠤᠭᠤᠷᠢᠨ ᠤ ᠡᠯ᠎ᠡ ᠡᠯᠧᠮᠧᠨ᠋ᠲ ᠦᠨ ᠬᠦᠭ᠍ᠵᠢᠯᠲᠡ ᠲᠡᠩᠴᠡᠭᠦᠷᠢ ᠦᠭᠡᠢ᠂ ᠰᠢᠨ᠎ᠡ ᠶᠢ ᠡᠭᠦᠳᠬᠦ ᠴᠢᠳᠠᠪᠤᠷᠢ ᠬᠦᠷᠦᠯᠴᠡᠬᠦ ᠦᠭᠡᠢ᠃ ᠬᠦᠭ᠍ᠵᠢᠯᠲᠡ ᠶᠢᠨ ᠶᠠᠪᠤᠴᠠ ᠳᠤ ᠪᠤᠢ ᠪᠤᠯᠤᠭᠰᠠᠨ ᠵᠦᠷᠢᠴᠡᠯ ᠨᠢ ᠠᠵᠤ ᠠᠬᠤᠢ ᠶᠢᠨ ᠬᠦᠭ᠍ᠵᠢᠯᠲᠡ ᠶᠢ ᠬᠠᠷᠰᠢᠯᠠᠵᠤ ᠪᠠᠢ᠌ᠭ᠎ᠠ ᠪᠤᠯᠬᠤᠷ ᠡᠷᠬᠡᠪᠰᠢ ᠬᠦᠭ᠍ᠵᠢᠯᠲᠡ ᠶᠢᠨ ᠳᠤᠮᠳᠠ ᠠᠯᠬᠤᠮ ᠠᠯᠬᠤᠮ ᠢᠶᠠᠷ ᠰᠢᠢᠳᠪᠦᠷᠢᠯᠡᠵᠦ᠂ ᠠᠵᠤ ᠠᠬᠤᠢ ᠶᠢᠨ ᠡᠷᠡᠭᠦᠯ ᠢᠶᠡᠷ ᠲᠦᠷᠭᠡᠨ ᠬᠦᠭ᠍ᠵᠢᠬᠦ ᠶᠢ ᠪᠠᠲᠤᠯᠠᠬᠤ ᠬᠡᠷᠡᠭᠲᠡᠢ ᠭᠡᠵᠦ ᠦᠵᠡᠵᠡᠢ᠃ |
原文 |
查看原文
|
出自 |
内蒙古社会科学(蒙文版)
2005年
第1期
|