题名 |
ᠬᠠᠰᠠᠷ ᠤᠨ ᠬᠤᠢᠴᠢᠰ ᠤᠨ ᠦᠶ᠎ᠡ ᠵᠠᠯᠭᠠᠮᠵᠢ ᠳᠤ ᠶᠡᠬᠦ ᠶᠢᠰᠦᠩᠬᠡ ᠲᠤᠬᠤ ᠶᠢᠨ ᠨᠡᠷ᠎ᠡ ᠬᠤᠶᠠᠷᠲᠠ ᠢᠯᠡᠷᠡᠭᠰᠡᠨ ᠲᠤᠬᠠᠢ |
作者 |
ᠪᠤ · ᠰᠠᠢᠵᠢᠷᠠᠬᠤ |
关键词 |
ᠬᠠᠰᠠᠷ ᠤᠨ ᠬᠤᠢᠴᠢᠰ; ᠦᠶ᠎ᠡ ᠵᠠᠯᠭᠠᠮᠵᠢ; ᠶᠡᠬᠦ ᠶᠢᠰᠦᠩᠬᠡ ᠲᠤᠬᠤ |
摘要 |
《ᠮᠣᠩᠭᠤᠯ ᠤᠨ ᠨᠢᠭᠤᠴᠠ ᠲᠤᠪᠴᠢᠶᠠᠨ》᠂ 《ᠰᠤᠳᠤᠷ ᠤᠨ ᠴᠢᠭᠤᠯᠭᠠᠨ》᠂ 《ᠦᠨ ᠤᠯᠤᠰ ᠤᠨ ᠲᠡᠦᠬᠡ》 ᠵᠡᠷᠭᠡ ᠰᠤᠷᠪᠤᠯᠵᠢ ᠪᠢᠴᠢᠭ ᠲᠦ ᠬᠠᠰᠠᠷ ᠤᠨ ᠶᠡᠬᠦ ᠶᠢᠰᠦᠩᠬᠡ ᠲᠤᠬᠤ ᠭᠡᠬᠦ ᠭᠤᠷᠪᠠᠨ ᠬᠦᠪᠡᠭᠦᠨ ᠦ ᠨᠡᠷ᠎ᠡ ᠶᠢ ᠬᠡᠳᠦᠢᠪᠡᠷ ᠳᠡᠰ ᠳᠠᠷᠠᠭ᠎ᠠ ᠶᠢᠨ ᠬᠤᠪᠢ ᠳᠤ ᠵᠢᠭᠠᠬᠠᠨ ᠵᠦᠷᠢᠶ ᠡ ᠲᠡᠢ ᠪᠤᠯᠪᠠᠴᠤ ᠨᠡᠷ᠎ᠡ ᠳᠠᠭᠤᠳᠠᠯᠭ᠎ᠠ ᠶᠢ ᠨᠢ ᠦᠨᠳᠦᠰᠦᠨ ᠳᠦ ᠪᠡᠨ ᠨᠢᠭᠡᠲᠦᠯᠲᠡᠢ ᠲᠡᠮᠳᠡᠭᠯᠡᠵᠦ ᠪᠤᠢ᠃ ᠭᠡᠲᠡᠯ᠎ᠡ ᠪᠤᠰᠤᠳ ᠬᠠᠮᠢᠶ᠎ᠠ ᠪᠦᠬᠦᠢ ᠰᠤᠷᠪᠤᠯᠵᠢ ᠪᠢᠴᠢᠭ ᠦᠳ ᠲᠦ ᠬᠠᠰᠠᠷ ᠤᠨ ᠠᠷᠪᠠᠳᠤᠭᠠᠷ ᠦᠶ᠎ᠡ ᠶᠢᠨ ᠠᠴᠢ ᠪᠤᠯᠤᠨ ᠠᠷᠪᠠᠨ ᠨᠢᠭᠡᠳᠦᠭᠡᠷ ᠦᠶ᠎ᠡ ᠶᠢᠨ ᠠᠴᠢ ᠶᠢᠨ ᠬᠤᠭᠤᠷᠤᠨᠳᠤ ᠡᠨᠡ ᠭᠤᠷᠪᠠᠭᠤᠯᠠ ᠶᠢᠨ ᠨᠡᠷ᠎ᠡ ᠶᠢ ᠳᠠᠬᠢᠨᠲᠠ ᠪᠢᠴᠢᠵᠦ ᠪᠠᠢᠳᠠᠭ᠃ ᠡᠨᠡ ᠨᠢ ᠮᠣᠩᠭᠤᠯ ᠤᠨ ᠲᠡᠦᠬᠡᠨ ᠳᠡᠬᠢ ᠣᠨᠴᠠᠭᠠᠢ ᠦᠵᠡᠭᠳᠡᠯ ᠪᠤᠯᠬᠤ ᠪᠦᠭᠡᠳ ᠬᠠᠰᠠᠷ ᠤᠨ ᠬᠤᠢᠴᠢᠰ ᠤᠨ ᠦᠶ᠎ᠡ ᠵᠠᠯᠭᠠᠮᠵᠢ ᠶᠢ ᠲᠤᠳᠤᠯᠠᠬᠤ ᠳᠤ ᠵᠤᠬᠢᠬᠤ ᠬᠦᠴᠢᠷᠳᠡᠯ ᠢ ᠠᠪᠴᠢᠷᠠᠭᠰᠠᠨ ᠶᠤᠮ᠃ ᠡᠨᠡ ᠨᠢ ᠮᠣᠩᠭᠤᠯ ᠤᠨ ᠲᠡᠦᠬᠡᠨ ᠳᠡᠬᠢ ᠣᠨᠴᠠᠭᠠᠢ ᠦᠵᠡᠭᠳᠡᠯ ᠪᠤᠯᠬᠤ ᠪᠦᠭᠡᠳ ᠬᠠᠰᠠᠷ ᠤᠨ ᠬᠤᠢᠴᠢᠰ ᠤᠨ ᠦᠶ᠎ᠡ ᠵᠠᠯᠭᠠᠮᠵᠢ ᠶᠢ ᠲᠤᠤᠯᠠᠬᠤ ᠳᠤ ᠵᠤᠬᠢᠬᠤ ᠬᠦᠴᠢᠷᠳᠡᠯ ᠢ ᠠᠪᠴᠢᠷᠠᠭᠰᠠᠨ ᠶᠤᠮ᠃ ᠡᠢᠮᠦ ᠡᠴᠡ ᠡᠯ᠎ᠡ ᠵᠤᠢᠯ ᠤᠨ ᠰᠤᠷᠪᠤᠯᠵᠢ ᠪᠢᠴᠢᠭ ᠦᠳ ᠢ ᠬᠠᠷᠢᠴᠠᠭᠤᠯᠤᠨ ᠰᠤᠳᠤᠯᠵᠤ᠂ ᠡᠭᠦᠨ ᠦ ᠦᠨᠡᠨ ᠬᠤᠳᠠᠯ ᠢ ᠢᠯᠭᠠᠨ ᠲᠤᠳᠤᠯᠠᠵᠤ ᠤᠴᠷᠢ ᠰᠢᠯᠲᠠᠭᠠᠨ ᠢ ᠨᠢ ᠦᠭᠦᠯᠡᠬᠦ ᠪᠤᠯ ᠬᠠᠰᠠᠷ ᠤᠨ ᠬᠤᠢᠴᠢᠰ ᠤᠨ ᠦᠶ᠎ᠡ ᠵᠠᠯᠭᠠᠮᠵᠢ ᠶᠢ ᠲᠤᠳᠤᠯᠠᠬᠤ ᠳᠤ ᠬᠤᠯᠪᠤᠭᠳᠠᠭᠰᠠᠨ ᠪᠠᠰᠠ ᠨᠢᠭᠡᠨ ᠴᠢᠬᠤᠯᠠ ᠠᠰᠠᠭᠤᠳᠠᠯ ᠪᠤᠯᠤᠨ᠎ᠠ᠃ |
原文 |
没有原文
|
出自 |
蒙古学研究
2016年
第1期
|