摘要 |
《ᠠᠯᠳᠠᠨ ᠭᠠᠨᠳᠠᠷᠢ》 ᠰᠡᠳᠬᠦᠯ ᠲᠠᠭᠡᠷ᠎ᠡ ᠨᠠᠢᠳᠡᠯᠡᠭᠳᠡᠭᠰᠡᠨ ᠤᠷᠳᠤᠭ ᠮᠤᠩᠭᠤᠯ ᠵᠢᠷᠤᠭ᠂ ᠪᠸᠯᠬᠢ ᠤᠯᠤᠰ ᠤᠨ ᠮᠦᠽᠸᠢ ᠳᠤ ᠬᠠᠳᠠᠭ᠋ᠠᠯᠠᠭᠳᠠᠵᠦ ᠪᠠᠢᠭ᠎ᠠ ᠤᠷᠳᠤᠰ ᠮᠤᠩᠭᠤᠯ ᠵᠢᠷᠤᠭ ᠪᠠ ᠤᠯᠠᠨ ᠤᠳᠠᠭ᠋ᠠᠨ ᠤ ᠬᠡᠭᠡᠷ᠎ᠡ ᠶᠢᠨ ᠪᠠᠢᠴᠠᠭ᠋ᠠᠯᠳᠠ ᠶᠢᠨ ᠪᠤᠳᠠᠳᠤ ᠵᠢᠱᠢᠶ᠎ᠡ ᠪᠠᠷ ᠪᠠᠷᠢᠮᠳᠠ ᠪᠤᠯᠭ᠋ᠠᠨ᠂ ᠤᠷᠳᠤᠰ ᠮᠤᠩᠭᠤᠯ ᠵᠢᠷᠤᠭ ᠤᠨ ᠤᠨᠴᠠᠯᠢᠭ ᠰᠢᠨᠵᠢ᠂ ᠠᠭ᠋ᠤᠯᠭ᠎ᠠ ᠬᠡᠯᠪᠡᠷᠢ᠂ ᠢᠯᠡᠳᠭᠡᠬᠦ ᠠᠷᠭ᠎ᠠ ᠪᠠᠷᠢᠯ ᠤᠨ ᠲᠠᠯ᠎ᠠ ᠳᠤ ᠨᠠᠷᠢᠨ ᠰᠢᠨᠵᠢᠯᠡᠭᠡ ᠬᠢᠵᠦ᠂ ᠤᠷᠳᠤᠰ ᠮᠤᠩᠭᠤᠯ ᠵᠢᠷᠤᠭ ᠪᠤᠯ ᠤᠷᠳᠤᠰ ᠮᠤᠩᠭᠤᠯ ᠤᠨ ᠤᠷᠤᠨ ᠨᠤᠳᠤᠭ ᠤᠨ ᠤᠨᠴᠠᠯᠢᠭ ᠲᠠᠢ ᠵᠢᠷᠤᠭ ᠪᠤᠯᠬᠤ ᠵᠢ ᠦᠭᠦᠯᠡᠵᠦ᠂ ᠡᠨ᠋ᠡ ᠬᠦ ᠵᠢᠷᠤᠭ ᠤᠷᠠᠯᠢᠭ ᠨᠢ ᠨᠠᠢᠳᠠ ᠮᠤᠩᠭᠤᠯ ᠤᠷᠠᠯᠢᠭ ᠤᠨ ᠴᠢᠬᠤᠯᠠ ᠨᠢᠭᠡᠨ ᠪᠦᠷᠢᠯᠳᠤᠬᠦᠨ ᠬᠡᠰᠡᠭ ᠪᠤᠯᠬᠤ ᠪᠦᠭᠡᠳ ᠬᠦᠮᠦᠨ ᠲᠦᠷᠤᠯᠬᠢᠳᠡᠨ ᠤ ᠰᠤᠶᠤᠯ ᠤᠷᠠᠯᠢᠭ ᠤᠨ ᠡᠷᠳᠡᠨ᠋ᠢᠰ ᠤᠨ ᠰᠠᠩ ᠤᠨ ᠦᠨ᠋ᠡᠳᠤ ᠶᠡᠭᠡ ᠦᠪ ᠬᠦᠷᠦᠩᠭᠡ ᠮᠦᠨ ᠪᠤᠯᠬᠤ ᠵᠢ ᠪᠠᠳᠤᠯᠠᠬᠤ ᠪᠠᠷ ᠵᠤᠷᠢᠪᠠ᠃ |