摘要 |
ᠮᠣᠩᠭ᠋ᠣᠯᠴᠤᠳ ᠤᠨ ᠱᠠᠭ᠎ᠠ ᠲᠤᠭᠯᠠᠭᠠᠮ ᠢ ᠨᠠᠭᠠᠳᠬᠤ ᠠᠷᠭ᠎ᠠ ᠮᠠᠶᠢ᠍ᠭ ᠶᠢᠨᠷ ᠨᠢ ᠤᠷᠬᠢᠬᠤ ᠲᠤᠭᠯᠠᠭᠠᠮ᠂ ᠤᠨᠤᠭᠠᠬᠤ ᠲᠤᠭᠯᠠᠭᠠᠮ᠂ ᠰᠢᠭᠦᠷᠬᠦ(ᠪᠤᠶᠤ ᠠᠳᠬᠤᠬᠤ)ᠲᠤᠭᠯᠠᠭᠠᠮ᠂ ᠦᠷᠦᠬᠦ ᠲᠤᠭᠯᠠᠭᠠᠮ ᠬᠡᠭᠦ ᠲᠦᠷᠪᠡᠨ ᠲᠦᠷᠦᠯ ᠵᠦᠢᠯ ᠳᠤ ᠬᠤᠪᠢᠶᠠᠨ᠂ ᠠᠭᠠᠳᠬᠤ ᠵᠤᠷᠢᠭᠤᠯᠤᠯᠲᠠ ᠪᠡᠷ ᠨᠢ ᠬᠡᠦᠬᠡᠳ ᠪᠠᠭᠠᠴᠠᠳ ᠲᠤ ᠵᠤᠷᠢᠭᠤᠯᠤᠭᠰᠠᠨ᠂ ᠲᠤᠮᠤᠴᠤᠯ ᠳᠤ ᠵᠤᠷᠢᠭᠤᠯᠤᠭᠰᠠᠨ ᠬᠡᠭᠦ ᠮᠡᠳᠦ ᠪᠡᠷ ᠬᠤᠶᠠᠷ ᠵᠦᠢᠯ ᠳᠤ ᠬᠤᠪᠢᠶᠠᠨ ᠦᠵᠡᠵᠦ ᠪᠤᠯᠤᠨ᠎ᠠ᠃ ᠳᠡᠭᠦᠨᠴᠢᠯᠡᠨ ᠱᠠᠭ᠎ᠠ ᠲᠤᠭᠯᠠᠭᠠᠮ ᠤᠨ ᠦᠢᠯᠡᠳᠦᠯ ᠢ ᠵᠤᠭ᠎ᠠ ᠴᠠᠩᠬᠡᠯ ᠤᠨ ᠨᠦᠢᠯᠡᠳᠦᠯ᠂ ᠤᠶᠤᠨ ᠨᠡᠭᠡᠭᠡᠭᠳᠡᠭᠦᠯᠬᠦ ᠦᠢᠯᠡᠳᠦᠯ᠂ ᠤᠷ ᠠ ᠲᠠᠮ ᠢ ᠪᠤᠯᠪᠠᠰᠤᠷᠠᠭᠤᠯᠬᠤ ᠦᠢᠯᠡᠳᠦᠯ ᠂ ᠪᠡᠶ ᠡ ᠮᠠᠬᠠᠪᠤᠳ ᠢ ᠪᠤᠯᠪᠠᠰᠤᠷᠠᠭᠤᠯᠬᠤ ᠦᠢᠯᠡᠳᠦᠯ ᠭᠡᠵᠦ ᠲᠦᠷᠪᠡᠨ ᠵᠦᠢᠯ ᠳᠤ ᠬᠤᠪᠢᠶᠠᠨ ᠰᠢᠨᠵᠢᠯᠡᠵᠦ ᠪᠤᠯᠤᠨ᠎ᠠ᠃ ᠱᠠᠭ᠎ᠠ ᠨᠢ ᠮᠣᠩᠭ᠋ᠣᠯᠴᠤᠳ ᠤᠨ ᠵᠤᠭ᠎ᠠ ᠴᠠᠩᠬᠡᠯ ᠤᠨ ᠴᠢᠬᠤᠯᠡ ᠬᠡᠷᠡᠭᠯᠡᠭᠦᠷ ᠪᠤᠯᠵᠤ ᠪᠠᠢ᠌ᠭᠰᠠᠨ ᠶᠢᠨᠷ ᠪᠠᠷᠠᠬᠤ ᠦᠬᠡᠢ ᠳᠡᠷᠡ ᠨᠢ ᠮᠣᠩᠭ᠋ᠣᠯᠴᠤᠳ ᠤᠨ ᠠᠵᠤ ᠠᠮᠢᠳᠤᠷᠠᠯ᠂ ᠦᠢᠯᠡᠳᠪᠦᠷᠢᠯᠡᠯ᠂ ᠰᠡᠳᠬᠢᠬᠦᠢ᠂ ᠭᠤᠦ ᠠ ᠰᠠᠢ᠌ᠬᠠᠨ᠂ ᠶᠤᠰᠤ ᠮᠤᠷᠠᠯ᠂ ᠵᠠᠩ ᠳᠡᠳᠬᠠᠯ ᠵᠡᠷᠭᠡ ᠶᠢ ᠲᠦᠪᠯᠡᠷᠡᠭᠦᠯᠦᠨ ᠲᠤᠰᠬᠠᠭᠰᠠᠨ ᠰᠤᠶᠤᠯ ᠤᠨ ᠠᠴᠢᠶᠠᠯᠠᠭᠴᠢ ᠮᠦᠨ᠃ |