题名 |
《ᠵᠠᠷᠤᠳ ᠠᠷᠠᠳ ᠤᠨ ᠳᠠᠭᠤᠤ》 ᠶᠢᠨ ᠲᠡᠭᠦᠪᠦᠷᠢ ᠳᠡᠬᠢ ᠤᠷᠭᠤᠮᠠᠯ ᠲᠠᠢ ᠬᠤᠯᠪᠤᠭᠳᠠᠭᠰᠠᠨ ᠮᠡᠳᠡᠯᠭᠡ ᠶᠢᠨ ᠲᠤᠬᠠᠢ ᠠᠩᠬᠠᠨ ᠤ ᠰᠢᠨᠵᠢᠯᠡᠭᠡ |
作者 |
ᠬᠠᠨ ᠰᠤᠶᠤᠯ; ᠱᠢ ᠬᠤᠸᠠᠨ; ᠰᠤᠶᠤᠯᠲᠤ |
关键词 |
《ᠵᠠᠷᠤᠳ ᠠᠷᠠᠳ ᠤᠨ ᠳᠠᠭᠤᠤ》; ᠠᠷᠠᠳ ᠤᠨ ᠳᠠᠭᠤᠤ; ᠦᠨᠳᠦᠰᠦᠲᠡᠨ ᠦ ᠤᠷᠭᠤᠮᠠᠯ ᠤᠨ ᠰᠤᠳᠤᠯᠤᠯ |
摘要 |
ᠦᠨᠳᠦᠰᠦᠲᠡᠨ ᠦ ᠤᠷᠭᠤᠮᠠᠯ ᠤᠨ ᠰᠤᠳᠤᠯᠤᠯ ᠤᠨ ᠠᠷᠭ᠎ᠠ ᠪᠠᠷ 《ᠵᠠᠷᠤᠳ ᠠᠷᠠᠳ ᠤᠨ ᠳᠠᠭᠤᠤ》 ᠶᠢᠨ ᠲᠡᠭᠦᠪᠦᠷᠢ ᠳᠡᠬᠢ ᠤᠷᠭᠤᠮᠠᠯ ᠲᠠᠢ ᠬᠤᠯᠪᠤᠭᠳᠠᠭᠰᠠᠨ ᠮᠡᠳᠡᠯᠭᠡ ᠶᠢᠨ ᠲᠤᠬᠠᠢ ᠵᠠᠳᠠᠯᠤᠨ ᠰᠢᠨᠵᠢᠯᠡᠭᠰᠡᠨ ᠳ᠋ᠦᠩ ᠳᠦ᠄ ᠲᠤᠰ ᠲᠡᠭᠦᠪᠦᠷᠢ ᠳᠡᠬᠢ 33 ᠠᠷᠠᠳ ᠤᠨ ᠳᠠᠭᠤᠤ ᠳᠤ ᠨᠡᠢᠲᠡ 54 ᠵᠤᠷᠪᠤᠰ ᠤᠷᠭᠤᠮᠠᠯ ᠲᠠᠢ ᠬᠤᠯᠪᠤᠭᠳᠠᠬᠤ ᠠᠭᠤᠯᠤᠭᠳᠠᠭᠠᠳ ᠪᠠᠢᠵᠤ᠂ ᠤᠷᠭᠤᠮᠠᠯ ᠤᠨ ᠳᠦᠷᠰᠦ ᠶᠢᠨ ᠲᠤᠬᠠᠢ ᠨᠡᠷ᠎ᠡ ᠦᠭᠡ ᠨᠡᠢᠲᠡ 32 ᠵᠤᠷᠪᠤᠰ ᠪᠤᠢ᠃ ᠡᠭᠦᠨ ᠦ ᠳᠤᠲᠤᠷ᠎ᠠ ᠲᠤᠰ ᠬᠤᠰᠢᠭᠤᠨ ᠳᠤ ᠲᠠᠷᠬᠠᠯᠲᠠ ᠲᠠᠢ ᠬᠡᠭᠡᠷ᠎ᠡ ᠶᠢᠨ ᠤᠷᠭᠤᠮᠠᠯ 17 ᠳᠦᠷᠰᠦ᠂ ᠪᠤᠰᠤᠳ ᠭᠠᠵᠠᠷ ᠲᠤ ᠲᠠᠷᠬᠠᠯᠲᠠ ᠲᠠᠢ ᠤᠷᠭᠤᠮᠠᠯ 15 ᠳᠦᠷᠰᠦ ᠪᠠᠭᠲᠠᠨ᠎ᠠ᠃ ᠡᠳᠡᠭᠡᠷ ᠤᠷᠭᠤᠮᠠᠯ ᠤᠨ ᠭᠤᠤᠯᠳᠠᠭᠤ ᠵᠠᠷᠤᠳ ᠮᠣᠩᠭᠤᠯᠴᠤᠳ ᠤᠨ ᠢᠳᠡᠭᠡᠨ᠂ ᠡᠮ ᠨᠠᠢᠷᠠᠯᠭ᠎ᠠ᠂ ᠰᠦᠮ ᠡ ᠬᠡᠶᠢᠳ᠂ ᠡᠳ᠋ᠯᠡᠯ ᠬᠡᠷᠡᠭᠰᠡᠯ ᠪᠡ ᠦᠩᠭᠡ ᠦᠵᠡᠮᠵᠢ ᠵᠡᠷᠭᠡ ᠠᠭᠤᠯᠭ᠎ᠠ ᠲᠠᠢ ᠬᠤᠯᠪᠤᠭᠳᠠᠨ᠎ᠠ᠃ |
原文 |
没有原文
|
出自 |
内蒙古师范大学学报(自然科学蒙古文版)
2010年
第2期
|