题名 |
ᠵᠠᠬ᠎ᠠ ᠳᠡᠯᠭᠡᠭᠦᠷ ᠦᠨ ᠠᠵᠤ ᠠᠬᠤᠢ ᠶᠢᠨ ᠨᠦᠬᠦᠴᠡᠯ ᠳᠤᠤᠷᠠᠬᠢ ᠮᠣᠩᠭᠤᠯ ᠵᠤᠬᠢᠶᠠᠯᠴᠢ ᠶᠢᠨ ᠤᠷᠤᠰᠢᠬᠤᠢ ᠬᠡᠯᠪᠡᠷᠢ |
作者 |
ᠲᠠᠨ᠎ᠠ |
关键词 |
ᠵᠠᠬ᠎ᠠ ᠳᠡᠯᠭᠡᠭᠦᠷ ᠦᠨ ᠠᠵᠤ ᠠᠬᠤᠢ; ᠵᠤᠬᠢᠶᠠᠯᠴᠢ ᠶᠢᠨ ᠪᠠᠢ᠌ᠢᠷᠢ ᠰᠠᠭᠤᠷᠢ; ᠵᠤᠬᠢᠶᠠᠨ ᠪᠦᠲᠦᠭᠡᠬᠦ ᠵᠤᠷᠢᠯᠭ᠎ᠠ |
摘要 |
ᠵᠠᠬ᠎ᠠ ᠳᠡᠯᠭᠡᠭᠦᠷ ᠦᠨ ᠠᠵᠤ ᠠᠬᠤᠢ ᠶᠢᠨ ᠪᠠᠢ᠌ᠭᠤᠯᠤᠮᠵᠢ ᠲᠤᠭᠲᠠᠯᠴᠠᠭ᠎ᠠ ᠪᠦᠷᠢᠯᠳᠦᠨ ᠲᠤᠭᠲᠠᠪᠤᠷᠢᠵᠢᠭ᠌ᠰᠠᠨ ᠦᠨᠦᠳᠦᠷ ᠦᠨ ᠨᠡᠢ᠌ᠭᠡᠮ ᠳᠦ ᠮᠣᠩ᠋ᠭᠤᠯ ᠤᠷᠠᠨ ᠵᠤᠬᠢᠶᠠᠯ ᠨᠢᠭᠡ ᠵᠤᠢ᠌ᠯ ᠤᠨ ᠣᠨᠴᠠᠭᠠᠢ ᠲᠠᠸᠠᠷ ᠪᠤᠯᠤᠭᠰᠠᠨ ᠤ ᠬᠤᠪᠢ ᠳᠤ ᠮᠦᠨ ᠭᠦ ᠲᠠᠸᠠᠷ ᠤᠨ ᠬᠠᠩ᠋ᠭᠠᠭᠠ ᠬᠡᠷᠡᠭᠴᠭᠡ ᠶᠢᠨ ᠵᠢᠮ᠎ᠡ ᠶᠤᠰᠤᠨ ᠳᠤ ᠵᠠᠬᠢᠷᠤᠭᠳᠠᠬᠤ ᠨᠢ ᠭᠠᠷᠴᠠᠭ᠎ᠠ ᠦᠭᠡᠢ᠃ ᠡᠭᠦᠨ ᠳᠦ ᠮᠣᠩ᠋ᠭᠤᠯ ᠤᠷᠠᠨ ᠵᠤᠬᠢᠶᠠᠯ ᠤᠨ ᠵᠤᠬᠢᠶᠠᠨ ᠲᠤᠭᠤᠷᠪᠢᠭᠴᠢ ᠪᠤᠯᠤᠭᠰᠠᠨ ᠮᠣᠩ᠋ᠭᠤᠯ ᠵᠤᠬᠢᠶᠠᠯᠴᠢᠳ ᠤᠨ ᠪᠠᠢ᠌ᠷᠢ ᠰᠠᠭᠤᠷᠢ ᠳᠤ ᠴᠤ ᠵᠠᠬ᠎ᠠ ᠳᠡᠯᠭᠡᠭᠦᠷ ᠦᠨ ᠠᠵᠤ ᠠᠬᠤᠢ ᠶᠢᠨ ᠲᠦᠯᠦᠪᠰᠢᠨ ᠲᠤᠭᠲᠠᠨᠢᠬᠤ ᠶᠢ ᠳᠠᠭᠠᠯᠳᠤᠨ ᠬᠤᠪᠢᠷᠠᠯᠲᠠ ᠭᠠᠷᠤᠭᠰᠠᠨ ᠪᠦᠭᠡᠳ ᠵᠤᠬᠢᠶᠠᠨ ᠪᠦᠲᠦᠭᠡᠬᠦ ᠵᠤᠷᠢᠯᠭ᠎ᠠ ᠨᠢ ᠴᠦ ᠬᠦᠮᠦᠰ ᠦᠨ ᠦᠷᠲᠡᠭ ᠦᠨ ᠦᠵᠡᠯᠲᠡ᠂ ᠭᠤᠤ᠎ᠠ ᠰᠠᠢ᠌ᠬᠠᠨ ᠤ ᠬᠦᠭᠡᠭᠡᠴᠡᠯᠳᠦᠯ᠂ ᠦᠨᠳᠦᠰᠦᠲᠡᠨ ᠦ ᠪᠡᠨ ᠰᠡᠷᠡᠭᠦᠯ ᠮᠡᠨᠳᠦᠯᠲᠡ ᠶᠢᠨ ᠲᠦᠯᠦᠭᠡ ᠲᠡᠮᠡᠴᠡᠬᠦ ᠤᠬᠠᠭᠤᠯᠭ᠎ᠠ ᠶᠢᠨ ᠴᠢᠨᠠᠷ ᠢᠶᠠᠷ ᠭᠤᠤᠯᠯᠠᠬᠤ ᠪᠤᠯᠵᠠᠢ᠃ ᠡᠨᠡ ᠨᠢ ᠳᠠᠷᠤᠢ ᠵᠤᠬᠢᠶᠠᠯᠴᠢ ᠶᠢᠨ ᠡᠩ᠋ᠨᠡᠭᠡ ᠶᠢᠨ ᠪᠦᠷᠢᠯᠳᠦᠴᠡ ᠦᠷᠭᠡᠨ ᠳᠡᠯᠭᠡᠷ ᠪᠤᠯᠵᠤ᠂ ᠵᠤᠬᠢᠶᠠᠨ ᠪᠦᠲᠦᠭᠡᠯᠭᠡ ᠶᠢᠨ ᠦᠢᠯᠡᠰ ᠳᠠᠪᠰᠢᠯᠲᠠ ᠲᠠᠢ ᠪᠤᠯᠤᠭᠰᠠᠨ ᠢ ᠬᠠᠷᠠᠭᠤᠯᠵᠤ ᠪᠠᠢ᠌ᠨ᠎ᠠ᠃ |
原文 |
没有原文
|
出自 |
内蒙古社会科学(蒙文版)
2010年
第5期
|